10 ᠲᠦᠮᠡ ᠭᠠᠷᠤᠢ ᠦᠰᠦᠭ ᠂ 730 ᠭᠠᠷᠤᠢ ᠭᠡᠷᠡᠯ ᠵᠢᠷᠤᠭ ᠢᠶᠠᠷ ᠬᠣᠷᠴᠢᠨ ᠨᠤᠲᠤᠭ ᠤᠨ ᠲᠡᠥᠬᠡ ᠭᠠᠵᠠᠷ ᠵᠦᠢ ᠬᠢᠭᠡᠳ ᠰᠣᠶᠣᠯ ᠢ ᠲᠣᠢᠮᠣᠯᠠᠨ ᠲᠣᠭᠠᠴᠢᠭᠰᠠᠨ ᠵᠢᠷᠤᠭᠲᠤ ᠨᠣᠮ 《ᠬᠣᠷᠴᠢᠨ 》 ᠢ ᠣᠢᠷ᠎ᠠ ᠶᠢᠨ ᠡᠳᠦᠷ ᠲᠥᠪ ᠦᠨ ᠦᠨᠳᠦᠰᠦᠲᠡᠨ ᠦ ᠶᠡᠬᠡ ᠰᠤᠷᠭᠠᠭᠤᠯᠢ ᠶᠢᠨ ᠬᠡᠪᠯᠡᠯ ᠦᠨ ᠬᠣᠷᠢᠶ᠎ᠠ ᠬᠡᠪᠯᠡᠭᠦᠯᠪᠡ ᠃
ᠲᠤᠰ ᠨᠣᠮ ᠨᠢ ᠦᠨᠳᠦᠰᠦᠲᠡᠨ ᠦ ᠵᠢᠷᠤᠭᠲᠤ ᠰᠡᠳᠬᠦᠯ ᠦᠨ ᠬᠣᠷᠢᠶ᠎ᠠ ᠶᠢᠨ ᠲᠡᠭᠡᠳᠦ ᠵᠡᠷᠭᠡ ᠶᠢᠨ ᠰᠤᠷᠪᠤᠯᠵᠢᠯᠠᠭᠴᠢ ᠪᠠᠶᠠᠷ ᠤᠨ ᠲᠤᠭᠤᠷᠪᠢᠭᠰᠠᠨ 19 ᠳ᠋ᠦᠭᠡᠷ ᠪᠦᠲᠦᠭᠡᠯ ᠪᠠᠢᠵᠤ ᠂ ᠪᠦᠬᠦ ᠨᠣᠮ ᠢ 《ᠬᠣᠷᠴᠢᠨ ᠤ ᠲᠤᠬᠠᠢ ᠪᠣᠳᠠᠲᠤ ᠲᠡᠮᠳᠡᠭᠯᠡᠯ 》 ᠬᠢᠭᠡᠳ 《ᠬᠣᠷᠴᠢᠨ ᠤ ᠲᠤᠬᠠᠢ ᠤᠳᠬᠠᠴᠢᠯᠠᠯ 》 ᠬᠣᠶᠠᠷ ᠲᠣᠮᠣ ᠪᠦᠯᠦᠭ ᠲᠣ ᠬᠤᠪᠢᠶᠠᠨ ᠂ ᠨᠡᠢᠲᠡ 46 ᠬᠡᠰᠡᠭ ᠲᠡᠢ ᠃
ᠢᠷᠡᠯᠲᠡ ᠄ ᠠᠷᠠᠳ ᠤᠨ ᠰᠦᠯᠵᠢᠶ᠎ᠡ