2017 ᠣᠨ ᠳ᠋ᠤ ᠰᠢᠨᠵᠢᠶᠠᠩ ᠤᠨ ᠬᠢᠨ ᠲᠠᠪᠬᠤᠷᠳᠠᠭᠰᠠᠨ ᠲᠣᠭ᠎ᠠ ᠪᠠᠷ ᠭᠠᠳᠠᠭᠠᠳᠤ ᠳᠣᠲᠣᠭᠠᠳᠤ ᠶᠢᠨ ᠵᠢᠭᠤᠯᠴᠢᠨ ᠢ ᠨᠡᠢᠲᠡ ᠨᠢᠭᠡ ᠳ᠋ᠦᠩᠰᠢᠭᠤᠷ 700 ᠲᠦᠮᠡᠨ ᠬᠦᠯᠢᠶᠡᠨ ᠠᠪᠴᠤ᠂ 2016 ᠣᠨ ᠤ ᠬᠢ ᠡᠴᠡ 32.4% ᠪᠡᠷ ᠨᠡᠮᠡᠭᠳᠡᠵᠦ᠂ ᠪᠡᠶᠡᠯᠡᠭᠦᠯᠦᠭᠰᠡᠨ ᠠᠶᠠᠯᠠᠯ ᠵᠢᠭᠤᠯᠴᠢᠯᠠᠯ ᠤᠨ ᠶᠡᠷᠦᠩᠬᠡᠢᠯᠡᠭᠰᠡᠨ ᠬᠡᠷᠡᠭᠯᠡᠭᠡ ᠨᠢ 1822 ᠳ᠋ᠦᠩᠰᠢᠭᠤᠷ ᠲᠥᠭᠥᠷᠢᠭ ᠲᠦ ᠬᠦᠷᠴᠦ᠂ 30% ᠢᠶᠠᠷ ᠨᠡᠮᠡᠭᠳᠡᠭᠰᠡᠨ ᠪᠠᠢᠨ᠎ᠠ᠃ ᠰᠢᠨᠵᠢᠶᠠᠩ ᠤᠨ ᠬᠦᠯᠢᠶᠡᠨ ᠠᠪᠤᠭᠰᠠᠨ ᠵᠢᠭᠤᠯᠴᠢᠳ ᠲᠠᠪᠬᠤᠷᠳᠠᠭᠰᠠᠨ ᠲᠣᠭ᠎ᠠ ᠪᠠᠷ ᠠᠩᠬ᠎ᠠ ᠤᠳᠠᠭ᠎ᠠ ᠨᠢᠭᠡ ᠳ᠋ᠦᠩᠰᠢᠭᠤᠷ ᠢ ᠲᠠᠪᠠᠵᠤ᠂ ᠡᠯ᠎ᠡ ᠵᠦᠢᠯ ᠦᠨ ᠵᠢᠭᠠᠯᠲᠠ ᠲᠣᠭ᠎ᠠ ᠨᠢ ᠪᠦᠷ ᠲᠡᠦᠬᠡ ᠶᠢᠨ ᠰᠢᠨ᠎ᠡ ᠲᠦᠪᠰᠢᠨ ᠳ᠋ᠦ ᠬᠦᠷᠦᠭᠰᠡᠨ ᠪᠠᠢᠵᠠᠢ᠃
ᠢᠯᠠᠩᠭᠤᠶ᠎ᠠ 2017 ᠣᠨ ᠳ᠋ᠤ ᠪᠣᠣ ᠵᠢᠢ ᠡᠴᠠ ᠯᠠᠨᠵᠧᠦ ᠬᠦᠷᠬᠦ ᠬᠤᠷᠳᠤᠨ ᠭᠠᠯᠲᠤ ᠲᠡᠷᠭᠡ ᠠᠯᠪᠠᠨ ᠶᠣᠰᠣᠭᠠᠷ ᠨᠡᠪᠲᠡᠷᠡᠭᠰᠡᠨ ᠦ ᠲᠠᠷᠠᠭ᠎ᠠ ᠪᠡᠭᠡᠵᠢᠩ ᠡᠴᠡ ᠭᠠᠷᠴᠤ ᠥᠪᠥᠷ ᠮᠣᠩᠭᠣᠯ᠂ ᠭᠠᠨᠰᠤ ᠪᠠᠷ ᠲᠠᠮᠵᠢᠨ ᠰᠢᠨᠵᠢᠶᠠᠩ ᠬᠦᠷᠬᠦ ᠬᠤᠷᠳᠤᠨ ᠵᠠᠮ ᠢᠶᠠᠷ ᠭᠤᠷᠪᠠᠨ ᠮᠤᠵᠢ ᠣᠷᠣᠨ ᠳ᠋ᠤ ᠵᠡᠷᠭᠡ ᠪᠡᠷ ᠲᠡᠷᠭᠡ ᠨᠡᠪᠲᠡᠷᠡᠵᠦ᠂ ᠵᠠᠮ ᠬᠠᠷᠢᠯᠴᠠᠭᠠᠨ ᠳ᠋ᠤ ᠮᠠᠰᠢ ᠲᠥᠬᠥᠮ ᠪᠣᠯᠵᠤ᠂ ᠳᠣᠲᠣᠷ ᠭᠠᠵᠠᠷ ᠤᠨ ᠣᠯᠠᠨ ᠬᠣᠲᠠ ᠡᠴᠠ ᠰᠢᠨᠵᠢᠶᠠᠩ ᠳ᠋ᠤ ᠬᠦᠷᠴᠦ ᠠᠶᠠᠯᠠᠨ ᠵᠢᠭᠤᠯᠴᠢᠯᠠᠬᠤ ᠳ᠋ᠤ ᠵᠠᠷᠤᠴᠠᠭᠤᠯᠬᠤ ᠴᠠᠭ ᠬᠤᠭᠤᠴᠠᠭ᠎ᠠ ᠪᠣᠭᠣᠨᠢᠰᠴᠤ᠂ ᠥᠪᠡᠷ ᠦᠨ ᠥᠷᠲᠡᠭ ᠶᠡᠬᠡ ᠪᠡᠷ ᠪᠠᠭᠠᠰᠴᠤ᠂ ᠵᠠᠩᠬᠠ ᠲᠡᠯᠭᠡᠭᠦᠷ ᠢ ᠴᠢᠨᠠᠭᠰᠢᠳᠠ ᠤᠷᠮᠠᠰᠢᠭᠤᠯᠤᠭᠰᠠᠨ ᠪᠠᠢᠨ᠎ᠠ ᠭᠡᠵᠡᠢ᠃
ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《 ᠰᠢᠨᠬᠤᠧᠠ ᠬᠣᠷᠢᠶᠠᠨ ᠤ ᠮᠡᠳᠡᠭᠡ 》ᠡᠴᠡ ᠰᠢᠯᠵᠢᠬᠦᠯᠤᠨ ᠪᠠᠭᠤᠯᠭᠠᠪᠠ