ᠰᠥᠨᠢᠳ ᠪᠠᠷᠠᠭᠤᠨ ᠬᠤᠰᠢᠭᠤᠨ ᠤ ᠤᠯᠠᠭᠠᠨᠮᠥᠴᠢᠷ ᠤᠯᠤᠰ ᠤᠨ ᠱᠠᠩᠨᠠᠯ ᠢ ᠬᠥᠷᠳᠡᠪᠡ苏尼特右旗乌兰牧骑被授予全国“服务农民、服务基层”文化建设先进集体荣誉称号

ᠰᠥᠨᠢᠳ ᠪᠠᠷᠠᠭᠤᠨ ᠬᠤᠰᠢᠭᠤᠨ ᠤ ᠤᠯᠠᠭᠠᠨᠮᠥᠴᠢᠷ ᠤᠯᠤᠰ ᠤᠨ ᠱᠠᠩᠨᠠᠯ ᠢ ᠬᠥᠷᠳᠡᠪᠡ

ᠤᠢᠷ᠎ᠠ ᠳ᠋ᠤ᠂ ᠪᠥᠬᠥ ᠤᠯᠤᠰ ᠤᠨ ᠲᠤᠯᠤᠳᠤᠭᠠᠷ ᠬᠤᠭᠤᠴᠠᠭᠠᠨ ᠤ ᠮᠠᠯᠴᠢᠨ ᠲᠠᠷᠢᠶᠠᠴᠢᠨ ᠳ᠋ᠤ ᠥᠢᠯᠡᠴᠢᠯᠡᠨ᠂ ᠥᠨᠳᠥᠰᠥᠨ ᠱᠠᠳᠤᠨ ᠳ᠋ᠤ ᠥᠢᠯᠡᠴᠢᠯᠡᠭᠰᠡᠨ ᠰᠤᠶᠤᠯ ᠤᠨ ᠪᠠᠢᠭᠤᠯᠤᠯᠳᠠ ᠵᠢᠨ ᠲᠡᠷᠢᠬᠥᠨ ᠦ ᠬᠠᠮᠳᠤ ᠨᠢᠭᠡᠴᠡ ᠵᠢ ᠰᠠᠢᠰᠢᠶᠠᠨ ᠬᠥᠬᠢᠬᠥᠯᠬᠥ ᠶᠡᠭᠡ ᠬᠤᠷᠠᠯ ᠪᠡᠭᠡᠵᠢᠡᠭ ᠳ᠋ᠤ ᠶᠠᠪᠤᠭᠳᠠᠵᠤ᠂ ᠥᠪᠥᠷ ᠮᠣᠩᠭᠤᠯ ᠤᠨ ᠰᠢᠯᠢ ᠵᠢᠨ ᠭᠤᠤᠯ ᠠᠢᠮᠠᠭ ᠤᠨ ᠰᠥᠨᠢᠳ ᠪᠠᠷᠠᠭᠤᠨ ᠬᠤᠰᠢᠭᠤᠨ ᠤ ᠤᠯᠠᠭᠠᠨᠮᠥᠴᠢᠷ ᠨᠢ ᠲᠤᠰ ᠢᠷᠠᠭᠤ ᠠᠯᠳᠠᠷ ᠵᠶᠠᠷ ᠮᠢᠯᠢᠶᠠᠯᠭᠠᠭᠰᠠᠨ ᠪᠠᠢᠨ᠎ᠠ᠃

ᠲᠤᠰ ᠤᠳᠠᠭᠠᠨ ᠤ ᠢᠷᠠᠭᠤ ᠠᠯᠳᠠᠷ ᠤᠨ ᠱᠠᠩᠨᠠᠯ ᠢ ᠪᠥᠬᠥ ᠤᠯᠤᠰ ᠤᠨ 327 ᠪᠠᠢᠭᠤᠯᠭ᠎ᠠ ᠬᠥᠷᠳᠡᠵᠥ᠂ ᠡᠬᠥᠨ ᠳ᠋ᠤ ᠰᠢᠯᠢ ᠵᠢᠨ ᠭᠤᠤᠯ ᠠᠢᠮᠠᠭ ᠤᠨ ᠰᠥᠨᠢᠳ ᠪᠠᠷᠠᠭᠤᠨ ᠬᠤᠰᠢᠭᠤᠨ ᠤ ᠤᠯᠠᠭᠠᠨᠮᠥᠴᠢᠷ ᠢ ᠪᠠᠭᠳᠠᠭᠠᠭᠰᠠᠨ 96 ᠨᠢᠭᠡᠴᠡ 《 ᠮᠠᠯᠴᠢᠨ ᠲᠠᠷᠢᠶᠠᠴᠢᠨ ᠳ᠋ᠤ ᠥᠢᠯᠡᠴᠢᠯᠡᠨ᠂ ᠥᠨᠳᠥᠰᠥᠨ ᠱᠠᠳᠤᠨ ᠳ᠋ᠤ ᠥᠢᠯᠡᠴᠢᠯᠡᠭᠰᠡᠨ ᠰᠤᠶᠤᠯ ᠤᠨ ᠪᠠᠢᠭᠤᠯᠤᠯᠳᠠ ᠵᠢᠨ ᠲᠡᠷᠢᠬᠥᠨ ᠦ ᠬᠠᠮᠳᠤ ᠨᠢᠭᠡᠴᠡ》 ᠪᠡᠷ ᠬᠥᠬᠢᠬᠥᠯᠥᠭᠳᠡᠪᠡ᠃

ᠰᠥᠨᠢᠳ ᠪᠠᠷᠠᠭᠤᠨ ᠬᠤᠰᠢᠭᠤᠨ ᠤ ᠤᠯᠠᠭᠠᠨᠮᠥᠴᠢᠷ ᠪᠤᠯ ᠲᠤᠮᠳᠠᠳᠤ ᠤᠯᠤᠰ ᠤᠨ ᠤᠤᠭᠠᠨ ᠤᠯᠠᠭᠠᠨᠮᠥᠴᠢᠷ ᠪᠤᠯᠬᠤ ᠶᠤᠮ᠃ 1957 ᠤᠨ ᠤ 6 ᠰᠠᠷ᠎ᠠ ᠵᠢᠨ 17 ᠤ ᠡᠳᠥᠷ ᠪᠠᠢᠭᠤᠯᠤᠭᠳᠠᠵᠤ ᠵᠢᠷᠠᠨ ᠵᠢᠯ ᠤᠨ ᠠᠶᠠᠨ ᠳ᠋ᠠᠭᠠᠨ ᠵᠠᠭᠤᠨ ᠬᠥᠪᠥᠷᠢᠳᠥᠭᠰᠡᠨ ᠪᠠᠬᠠᠷᠤᠮ᠎ᠠ ᠲᠡᠥᠭᠡ ᠵᠢ ᠪᠢᠴᠢᠭᠯᠡᠵᠥ᠂ ᠤᠢᠭ᠎ᠠ ᠥᠭᠡᠢ ᠴᠢᠷᠮᠠᠢᠯᠭ᠎ᠠ᠂ ᠪᠤᠴᠠᠰᠢ ᠥᠭᠡᠢ ᠢᠳᠡᠭᠡᠯ ᠵᠤᠷᠢᠭ ᠢ ᠪᠠᠷᠢᠵᠥ ᠥᠨᠳᠥᠰᠥᠨ ᠱᠠᠳᠤᠨ ᠳ᠋ᠤ ᠬᠥᠷᠴᠥ ᠮᠠᠯᠴᠢᠨ ᠲᠠᠷᠢᠶᠠᠴᠢᠨ ᠤ ᠲᠤᠮᠳᠠ ᠬᠥᠨᠵᠡᠬᠡᠢᠷᠡᠨ᠂ ᠪᠥᠬᠥ ᠰᠡᠳᠬᠢᠯ ᠪᠥᠬᠥ ᠵᠤᠷᠢᠭ ᠵᠶᠠᠷ ᠠᠷᠠᠳ ᠲᠥᠮᠡᠨ ᠳ᠋ᠤ ᠥᠢᠯᠡᠴᠢᠯᠡᠵᠥ 《 ᠲᠤᠭᠯᠠᠯᠳᠠ ᠭᠠᠷᠭᠠᠬᠤ᠂ ᠤᠬᠠᠭᠤᠯᠭ᠎ᠠ ᠬᠢᠬᠥ᠂ ᠬᠠᠪᠰᠤᠷᠤᠨ ᠵᠢᠯᠤᠭᠤᠳᠬᠤ᠂ ᠥᠢᠯᠡᠴᠢᠯᠡᠭᠡ ᠬᠠᠩᠭᠠᠬᠤ》 ᠲᠥᠷᠪᠡᠨ ᠶᠡᠬᠡ ᠴᠢᠳᠠᠪᠬᠢ ᠪᠠᠨ ᠪᠠᠳᠠᠷᠠᠭᠤᠯᠵᠤ᠂ ᠥᠨᠳᠥᠰᠥᠳᠡᠨ ᠦ ᠪᠥᠯᠬᠥᠮᠳᠡᠯ ᠢ ᠠᠭᠢᠭᠤᠯᠤᠨ᠂ ᠴᠡᠷᠢᠭ ᠠᠷᠠᠳ ᠤᠨ 《 ᠬᠤᠶᠠᠷ ᠢ ᠬᠥᠷᠢᠶᠡᠯᠡᠬᠥ》 ᠠᠵᠢᠯ ᠳ᠋ᠤ ᠬᠥᠴᠥ ᠪᠡᠨ ᠡᠷᠬᠥᠵᠥ᠂ ᠥᠨᠳᠥᠰᠥᠨ ᠱᠠᠳᠤᠨ  ᠤ ᠤᠯᠠᠨ ᠲᠥᠮᠡᠨ  ᠳᠦ ᠤᠶᠤᠨ ᠤ ᠬᠥᠨᠡᠰᠥ ᠬᠠᠩᠭᠠᠵᠤ᠂ ᠲᠠᠯ᠎ᠠ ᠨᠤᠳᠤᠭ ᠤᠨ ᠰᠤᠶᠤᠯ ᠢ ᠲᠡᠯᠡᠬᠡᠢ ᠵᠢᠨ ᠲᠠᠪᠴᠠᠡᠭ ᠳ᠋ᠤ ᠲᠠᠨᠢᠭᠤᠯᠵᠤ᠂ ᠥᠨᠳᠥᠰᠥᠳᠡᠨ ᠦ ᠤᠷᠤᠨ ᠤ ᠰᠤᠶᠤᠯ ᠤᠨ ᠪᠠᠢᠭᠤᠯᠤᠯᠳᠠ ᠳ᠋ᠤ ᠪᠠᠯᠠᠷᠠᠰᠢ ᠥᠭᠡᠢ ᠭᠠᠪᠢᠶ᠎ᠠ ᠵᠢᠳᠬᠥᠯ ᠥᠵᠡᠬᠥᠯᠵᠥ ᠢᠷᠡᠭᠰᠡᠨ ᠪᠠᠢᠨ᠎ᠠ᠃

苏尼特右旗乌兰牧骑被授予全国“服务农民、服务基层”文化建设先进集体荣誉称号

第七届全国服务农民、服务基层文化建设先进集体表彰会于近日在北京举行。

    

  本次共有全国327家单位获得此项荣誉,其中,内蒙古共有4支队伍获此殊荣,苏尼特右旗乌兰牧骑成为96家单位获得“第七届全国服务农民、服务基层文化建设文艺院团(含民营文艺表演团体)先进集体”称号其中之一。

    

  

  苏尼特右旗乌兰牧骑是中国第一支乌兰牧骑,始建于1957年6月17日。短小精悍的队伍,一专多能的技能,自编自演的节目,贴近生活的内容,该支乌兰牧骑始终坚持不懈的全心全意为农牧民服务已有60载。充分发挥演出、宣传、辅导、服务四大功能,促进民族地区文化、事业的繁荣和经济建设的发展,为维护民族团结搭建了桥梁,为军警民“双拥”共建事业做出了贡献,为丰富基层群众精神生活创作出多部优秀作品,更为传播优秀的草原民族文化而登上国内外各大舞台。

  

Posted in ᠰᠤᠶᠤᠯ ᠤᠷᠠᠯᠢᠭ |文化信息 and tagged .