ᠳᠤᠮᠳᠠᠳᠤ ᠤᠯᠤᠰ ᠤᠨ ᠡᠯᠴᠢᠨ ᠰᠠᠢᠳ ᠤᠨ ᠶᠠᠮᠤᠨ᠄ ᠳᠤᠮᠳᠠᠳᠤ ᠤᠯᠤᠰ ᠤᠨ ᠠᠷᠠᠳ ᠢᠷᠭᠡᠨ··· 中国使馆提醒中国公民春节赴埃及旅游注意安全

ᠳᠤᠮᠳᠠᠳᠤ ᠤᠯᠤᠰ ᠤᠨ ᠡᠯᠴᠢᠨ ᠰᠠᠢᠳ ᠤᠨ ᠶᠠᠮᠤᠨ᠄ ᠳᠤᠮᠳᠠᠳᠤ ᠤᠯᠤᠰ ᠤᠨ ᠠᠷᠠᠳ ᠢᠷᠭᠡᠨ ᠴᠠᠭᠠᠨ ᠰᠠᠷ᠎ᠠ ᠪᠠᠷ ᠶᠧᠵᠢᠫᠲ ᠲᠤ ᠵᠤᠭᠠᠴᠠᠬᠤ ᠳ᠋ᠠᠭᠠᠨ ᠠᠮᠤᠷ ᠲᠦᠪᠰᠢᠨ ᠢ ᠠᠩᠬᠠᠷᠤᠭᠠᠷᠠᠢ

ᠶᠧᠵᠢᠫᠲ ᠲᠠᠬᠢ ᠳᠤᠮᠳᠠᠳᠤ ᠤᠯᠤᠰ ᠤᠨ ᠡᠯᠴᠢᠨ ᠰᠠᠢᠳ ᠤᠨ ᠶᠠᠮᠤᠨ ᠤᠢᠷ᠎ᠠ  ᠶᠢᠨ ᠡᠳᠦᠷ ᠠᠯᠪᠡᠨ ᠵᠠᠷᠯᠠᠯ ᠨᠡᠢᠳᠡᠯᠡᠵᠦ ᠂ ᠶᠧᠵᠢᠫᠲ 1 ᠰᠠᠷ᠎ᠠ ᠶᠢᠨ 13 ᠤ ᠡᠳᠦᠷ ᠡᠴᠠ ᠡᠬᠢᠯᠡᠨ ᠰᠢᠨ᠎ᠠ ᠨᠢᠭᠡ ᠡᠭᠡᠯᠵᠢ ᠶᠢᠨ ᠪᠠᠴᠢᠮ ᠪᠠᠢᠳᠠᠯ ᠳ᠋ᠤ ᠤᠷᠤᠭᠰᠠᠨ ᠪᠤᠯᠬᠤᠷ ᠂ ᠭᠡᠰᠡᠭ ᠭᠠᠵᠠᠷ ᠤᠷᠤᠨ ᠤ ᠠᠮᠤᠷ ᠲᠦᠪᠰᠢᠨ ᠦ ᠪᠠᠢᠳᠠᠯ ᠮᠦᠨᠬᠦ ᠠᠨᠠᠢ ᠪᠠᠢᠭᠰᠠᠭᠠᠷ ᠂ ᠳᠤᠮᠳᠠᠳᠤ ᠤᠯᠤᠰ ᠤᠨ ᠠᠷᠠᠳ ᠢᠷᠭᠡᠨ ᠴᠠᠭᠠᠨ ᠰᠠᠷ᠎ᠠ ᠶᠢᠨ ᠬᠤᠭᠤᠴᠠᠭᠠᠨ ᠳ᠋ᠤ ᠶᠧᠵᠢᠫᠲ ᠲᠤ ᠵᠤᠭᠠᠴᠠᠬᠤ ᠳ᠋ᠠᠭᠠᠨ ᠠᠮᠤᠷ ᠲᠦᠪᠰᠢᠨ ᠢ ᠠᠩᠬᠠᠷᠤᠭᠠᠷᠠᠢ ᠭᠡᠵᠦ ᠰᠠᠨᠠᠭᠤᠯᠵᠠᠢ ᠃

ᠠᠯᠪᠡᠨ ᠵᠠᠷᠯᠠᠯ ᠳ᠋ᠤ ᠂ ᠳᠤᠮᠳᠠᠳᠤ ᠤᠯᠤᠰ ᠤᠨ ᠠᠷᠠᠳ ᠢᠷᠭᠡᠨ ᠬᠢᠷᠢ ᠭᠡᠮ ᠲᠡᠢ ᠤᠯᠤᠰ ᠤᠨ ᠳᠤᠳᠤᠭᠠᠳᠦ ᠶᠢᠨ ᠵᠤᠭᠠᠴᠠᠯ ᠤᠨ ᠺᠤᠮᠫᠠᠨᠢ ᠶᠢ ᠰᠤᠩᠭᠤᠵᠦ ᠪᠦᠯᠬᠦᠮ ᠳ᠋ᠤ ᠤᠷᠤᠨ ᠶᠧᠵᠢᠫᠲ ᠲᠤ ᠵᠤᠭᠠᠴᠠᠵᠦ ᠂ ᠬᠤᠪᠢ ᠬᠦᠮᠦᠨ ᠪᠦᠯᠬᠦᠮ ᠡᠴᠠ ᠪᠠᠨ ᠰᠠᠯᠵᠦ ᠭᠠᠭᠴᠠᠭᠠᠷ ᠶᠠᠪᠤᠬᠤ ᠡᠴᠠ ᠵᠠᠢᠯᠠᠰᠬᠢᠪᠡᠯ ᠵᠤᠬᠢᠨ᠎ᠠ ᠭᠡᠵᠦ ᠰᠠᠨᠠᠭᠤᠯᠪᠠ ᠃

ᠠᠯᠪᠡᠨ ᠵᠠᠷᠯᠠᠯ ᠳ᠋ᠤ ᠂ ᠳᠤᠮᠳᠠᠳᠤ ᠤᠯᠤᠰ ᠤᠨ ᠵᠤᠭᠠᠴᠠᠭᠰᠠᠳ ᠤᠢᠷ᠎ᠠ ᠶᠢᠨ ᠬᠤᠭᠤᠴᠠᠭᠠᠨ ᠳ᠋ᠤ ᠱᠠᠷᠮ ᠱᠧᠢᠾ ᠡᠴᠠ ᠪᠤᠰᠤᠳ ᠰᠢᠨᠠᠢ ᠬᠤᠢᠬ ᠪᠠ ᠬᠠᠷ᠎ᠠ ᠴᠠᠭᠠᠨ ᠮᠠᠩᠬ᠎ᠠ ᠶᠢ ᠪᠠᠭᠳᠠᠭᠠᠭᠰᠠᠨ ᠬᠢᠽᠠ ᠮᠤᠵᠢ ᠶᠢᠨ ᠪᠠᠬᠠᠷᠢᠶᠠ ᠭᠠᠵᠠᠷ ᠤᠷᠤᠨ ᠢᠶᠠᠷ ᠪᠢᠳᠡᠭᠡᠢ ᠵᠤᠭᠠᠴᠠᠭᠠᠷᠠᠢ ᠃ ᠡᠬᠦᠨ ᠦ ᠵᠡᠷᠭᠡᠪᠡᠷ ᠂ ᠪᠤᠢᠳᠠ ᠪᠦᠭᠯᠡᠬᠦᠦ ᠬᠢᠯᠢ ᠬᠢᠵᠠᠭᠠᠷ ᠤᠷᠤᠨ ᠪᠤᠶᠤ ᠠᠯᠪᠡᠨ ᠤ ᠪᠤᠰᠤ ᠵᠤᠭᠠᠴᠠᠯ ᠤᠨ ᠦᠵᠡᠮᠵᠢ ᠶᠢᠨ ᠤᠷᠤᠨ ᠢᠶᠠᠷ ᠴᠤ ᠪᠢᠳᠡᠭᠡᠢ ᠵᠤᠭᠠᠴᠠᠭᠠᠷᠠᠢ ᠭᠡᠵᠦ ᠰᠠᠨᠠᠭᠤᠯᠪᠠ ᠃

ᠠᠯᠪᠡᠨ ᠵᠠᠷᠯᠠᠯ ᠳ᠋ᠤ ᠂ ᠭᠡᠷᠪᠡ ᠪᠠᠴᠢᠮ ᠪᠠᠢᠳᠠᠯ ᠳ᠋ᠤ ᠲᠤᠯᠭᠠᠷᠠᠪᠠᠯ ᠂ ᠲᠡᠷᠡ ᠲᠠᠷᠤᠢ ᠳ᠋ᠤᠨᠢ ᠶᠧᠵᠢᠫᠲ ᠤᠨ ᠲᠤᠬᠠᠢ ᠶᠢᠨ ᠭᠠᠵᠠᠷ ᠤᠨ ᠴᠠᠭᠳᠠᠭ᠎ᠠ ᠳ᠋ᠤ ᠮᠡᠳᠡᠬᠦᠯᠬᠦ ᠤᠳᠠᠰᠤᠨ ᠳ᠋ᠤ ᠤᠳᠠᠰᠤᠳᠠᠬᠤ ᠶᠢᠨ ᠬᠠᠮᠳᠦ ᠶᠧᠵᠢᠫᠲ ᠲᠠᠬᠢ ᠳᠤᠮᠳᠠᠳᠤ ᠤᠯᠤᠰ ᠤᠨ ᠡᠯᠴᠢᠨ ᠰᠠᠢᠳ ᠤᠨ ᠶᠠᠮᠤᠨ ᠤ ᠬᠠᠮᠠᠭᠠᠯᠠᠯᠳᠠ ᠬᠦᠯᠢᠶᠡᠬᠦ ᠤᠳᠠᠰᠤ ᠪᠠ ᠳᠤᠮᠳᠠᠳᠤ ᠤᠯᠤᠰ ᠤᠨ ᠭᠠᠳᠠᠭᠠᠳᠦ ᠶᠠᠪᠤᠳᠠᠯ ᠤᠨ ᠶᠠᠮᠤᠨ ᠤ ᠪᠦᠬᠦ ᠪᠦᠮᠪᠦᠷᠴᠡᠭ ᠦᠨ ᠺᠤᠨᠰᠦᠯ ᠤᠨ ᠬᠠᠮᠠᠭᠠᠯᠠᠯᠳᠠ ᠪᠤᠯᠤᠨ ᠦᠢᠯᠡᠴᠢᠯᠡᠭᠡᠨ ᠦ ᠪᠠᠴᠢᠮ ᠪᠠᠢᠳᠠᠯ ᠤᠨ ᠲᠦᠪ ᠦᠨ ᠤᠳᠠᠰᠤᠨ ᠳ᠋ᠤ ᠤᠳᠠᠰᠤᠳᠠᠵᠤ ᠪᠤᠯᠤᠨ᠎ᠠ ᠭᠡᠪᠡ ᠃

ᠢᠷᠡᠯᠲᠡ ᠄ ᠲᠤᠮᠳᠠᠳᠣ ᠣᠯᠤᠰ ᠤᠨ ᠮᠤᠩᠭᠤᠯ ᠬᠡᠯᠡᠨ ᠦ ᠰᠣᠨᠢᠨ ᠮᠡᠳᠡᠭᠡ ᠶᠢᠨ ᠰᠦᠯᠵᠢᠶ᠎ᠡ

中国使馆提醒中国公民春节赴埃及旅游注意安全

中国驻埃及大使馆近日发布公告说,鉴于埃及自1月13日起进入新一轮紧急状态,部分地区安全形势依然严峻,提醒中国公民春节期间赴埃及旅游注意安全。

公告建议中国公民选择有资质的国内旅行社参团赴埃旅游,个人应避免脱团单独行动。

公告提醒中国游客暂勿前往除沙姆沙伊赫之外的西奈半岛和包括黑白沙漠在内的吉萨省拜哈里耶地区旅游。同时,勿前往偏远地区或非正规旅游景区旅游。

公告说,如遇紧急情况,请及时通过埃及当地报警电话报警,并可拨打中国驻埃使馆领保协助电话和中国外交部全球领事保护与服务应急呼叫中心电话。

Posted in ᠠᠶᠠᠯᠠᠯ ᠵᠤᠭᠠᠴᠠᠯ|环保旅游 and tagged .