ᠰᠢᠨ᠎ᠡ ᠴᠠᠭ ᠦᠶ᠎ᠡ  ᠶᠢᠨ ᠥᠪᠦᠷ ᠮᠣᠩᠭᠣᠯ ᠤᠨ ᠭᠣᠷᠪᠠᠨ ᠴᠥᠬᠡᠨ ᠲᠣᠭᠠᠲᠣ··· 新时代内蒙古三少民族语言文化研究中心成立

ᠰᠢᠨ᠎ᠡ ᠴᠠᠭ ᠦᠶ᠎ᠡ  ᠶᠢᠨ ᠥᠪᠦᠷ ᠮᠣᠩᠭᠣᠯ ᠤᠨ ᠭᠣᠷᠪᠠᠨ ᠴᠥᠬᠡᠨ ᠲᠣᠭᠠᠲᠣ ᠦᠨᠳᠦᠰᠦᠲᠡᠨ ᠦ ᠦᠭᠡ ᠬᠡᠯᠡ ᠰᠣᠶᠣᠯ ᠤᠨ ᠰᠣᠳᠣᠯᠭᠠᠨ ᠤ ᠲᠥᠪ ᠡᠷᠦᠬᠡ  ᠪᠠᠨ ᠰᠡᠬᠦᠪᠠ

ᠣᠢᠷ᠎ᠠ ᠶᠢᠨ ᠡᠳᠦᠷ ᠂ ᠳᠣᠮᠳᠠᠳᠣ ᠣᠯᠣᠰ  ᠤᠨ ᠨᠡᠢᠭᠡᠮ  ᠤᠨ ᠰᠢᠨᠵᠢᠯᠡᠬᠦ ᠣᠬᠠᠭᠠᠨ  ᠤ ᠬᠦᠷᠢᠶᠡᠯᠡᠩ  ᠤᠨ ᠦᠨᠳᠦᠰᠦᠲᠡᠨ ᠦ ᠬᠡᠯᠡ ᠣᠳᠬ᠎ᠠ ᠵᠣᠬᠢᠶᠠᠯ ᠤᠨ ᠰᠣᠳᠣᠯᠭᠠᠨ ᠤ ᠭᠠᠵᠠᠷ ᠪᠠ ᠬᠦᠬᠡᠬᠣᠲᠠ  ᠶᠢᠨ ᠦᠨᠳᠦᠰᠦᠲᠡᠨ  ᠤ ᠲᠡᠭᠡᠳᠦ ᠰᠣᠷᠭᠠᠭᠣᠯᠢ ᠶᠢᠨ ᠬᠠᠮᠳᠣᠷᠠᠨ ᠪᠠᠢᠭᠣᠯᠣᠭᠰᠠᠨ 《ᠰᠢᠨ᠎ᠡ ᠴᠠᠭ ᠦᠶ᠎ᠡ ᠶᠢᠨ ᠥᠪᠦᠷ ᠮᠣᠩᠭᠣᠯ ᠤᠨ ᠭᠣᠷᠪᠠᠨ ᠴᠥᠬᠡᠨ ᠲᠣᠭᠠᠲᠣ ᠦᠨᠳᠦᠰᠦᠲᠡᠨ ᠦ ᠬᠡᠯᠡ ᠰᠣᠶᠣᠯ  ᠤᠨ ᠰᠣᠳᠣᠯᠭᠠᠨ  ᠤ ᠳᠥᠪ 》  ᠤᠨ ᠪᠠᠢᠭᠣᠯᠣᠭᠳᠠᠬᠣ ᠶᠣᠰᠣᠯᠠᠯ ᠬᠦᠬᠡᠬᠣᠲᠠ  ᠶᠢᠨ ᠦᠨᠳᠦᠰᠦᠲᠡᠨ ᠦ ᠲᠡᠭᠡᠳᠦ ᠰᠣᠷᠭᠠᠭᠣᠯᠢ ᠳ᠋ᠥ ᠶᠠᠪᠣᠭᠳᠠᠪᠠ ᠃

ᠰᠢᠨ᠎ᠡ ᠴᠠᠭ ᠦᠶ᠎ᠡ ᠶᠢᠨ ᠥᠪᠦᠷ ᠮᠣᠩᠭᠣᠯ ᠤᠨ ᠭᠣᠷᠪᠠᠨ ᠴᠥᠬᠡᠨ ᠲᠣᠭᠠᠲᠣ ᠦᠨᠳᠦᠰᠦᠲᠡᠨ ᠦ ᠬᠡᠯᠡ ᠰᠣᠶᠣᠯ ᠤᠨ ᠰᠣᠳᠣᠯᠭᠠᠨ ᠤ ᠳᠥᠪ ᠪᠠᠢᠭᠣᠯᠣᠭᠳᠠᠭᠰᠠᠨ ᠨᠢ ᠳᠣᠮᠳᠠᠳᠣ ᠣᠯᠣᠰ ᠤᠨ ᠨᠡᠢᠭᠡᠮ ᠦᠨ ᠰᠢᠨᠵᠢᠯᠡᠬᠦ ᠣᠬᠠᠭᠠᠨ ᠤ ᠬᠦᠷᠢᠶᠡᠯᠡᠩ ᠦᠨ ᠦᠨᠳᠦᠰᠦᠲᠡᠨ ᠦ ᠬᠡᠯᠡ ᠰᠣᠶᠣᠯ ᠤᠨ ᠰᠣᠳᠣᠯᠭᠠᠨ ᠤ ᠭᠠᠵᠠᠷ ᠬᠦᠬᠡᠬᠣᠲᠠ ᠶᠢᠨ ᠦᠨᠳᠦᠰᠦᠲᠡᠨ ᠦ ᠲᠡᠭᠡᠳᠦ ᠰᠣᠷᠭᠠᠭᠣᠯᠢ  ᠶᠢᠨ ᠰᠢᠨᠵᠢᠯᠡᠬᠦ ᠣᠬᠠᠭᠠᠨ ᠤ ᠰᠣᠳᠣᠯᠭᠠᠨ ᠂ ᠴᠢᠳᠠᠪᠣᠷᠢᠲᠠᠨ ᠬᠥᠮᠦᠵᠢᠭᠦᠯᠬᠦ᠂ ᠰᠢᠨᠵᠢᠯᠡᠬᠦ ᠣᠬᠠᠭᠠᠨ ᠤ ᠪᠥᠲᠦᠭᠡᠨ ᠪᠠᠢᠭᠣᠯᠣᠯᠲᠠ ᠳ᠋ᠥ ᠨᠢᠭᠡ ᠴᠢᠬᠣᠯᠠ ᠪᠣᠯᠬᠣ ᠡᠷᠳᠡᠮ ᠰᠢᠨᠵᠢᠯᠡᠭᠡᠨ ᠦ ᠲᠠᠪᠴᠠᠩ ᠢ ᠪᠠᠢᠭᠣᠯᠣᠨ ᠥᠭᠭᠦᠭᠰᠡᠨ ᠪᠦᠭᠡᠳ ᠦᠨᠳᠦᠰᠦᠲᠡᠨ  ᠤ ᠰᠣᠶᠣᠯ ᠢᠶᠠᠨ ᠣᠯᠠᠮᠵᠢᠯᠠᠬᠣ ᠂ ᠥᠪᠦᠷ ᠮᠣᠩᠭᠣᠯ ᠤᠨ ᠥᠪᠡᠷᠲᠡᠭᠡᠨ ᠵᠠᠰᠠᠬᠣ ᠣᠷᠣᠨ ᠤ ᠦᠨᠳᠦᠰᠦᠲᠡᠨ ᠦ ᠰᠣᠶᠣᠯ  ᠤᠨ ᠬᠦᠴᠦᠷᠭᠡᠭ ᠣᠷᠣᠨ ᠤ ᠪᠥᠲᠦᠭᠡᠨ ᠪᠠᠢᠭᠣᠯᠣᠯᠲᠠ ᠂ ᠰᠣᠶᠣᠯ ᠤᠨ ᠬᠦᠴᠦᠷᠭᠡᠭ ᠣᠯᠣᠰ ᠤᠨ ᠪᠠᠢᠯᠳᠣᠬᠣ ᠪᠣᠳᠣᠯᠭ᠎ᠠ ᠶᠢ ᠬᠡᠷᠡᠭᠵᠢᠭᠦᠯᠬᠦ ᠳ᠋ᠥ ᠴᠢᠬᠣᠯᠠ ᠠᠴᠢ ᠬᠣᠯᠪᠣᠭᠳᠠᠯ ᠪᠠ ᠠᠯᠣᠰ ᠬᠡᠳᠦ ᠶᠢᠨ ᠲᠡᠥᠬᠡᠲᠦ ᠠᠴᠢ ᠬᠣᠯᠪᠣᠭᠳᠠᠯ ᠲᠠᠢ ᠶᠤᠮ ᠃

ᠢᠷᠡᠯᠲᠡ ᠄ ᠠᠷᠠᠳ ᠤᠨ ᠰᠦᠯᠵᠢᠶ

新时代内蒙古三少民族语言文化研究中心成立

近日,由中国社会科学院民族文学研究所与呼和浩特民族学院联合共建的“新时代内蒙古三少民族语言文化研究中心” 揭牌仪式在呼和浩特民族学院举行。

新时代内蒙古三少民族文化语言文化研究中心的成立为中国社会科学院民族文学研究所支持呼和浩特民族学院科学研究、人才培养、学科建设搭建了一个重要的学术平台,同时对传承民族文化、促进自治区民族文化强区建设、实施文化强国战略具有重要的现实意义和长远的历史意义。

 

Posted in ᠰᠤᠶᠤᠯ ᠤᠷᠠᠯᠢᠭ |文化信息 and tagged .