ᠥᠪᠦᠷ ᠮᠣᠩᠭᠣᠯ ᠬᠢᠭᠡᠳ ᠵᠡᠭᠦᠨ ᠬᠣᠢᠲᠣ ᠣᠷᠣᠨ ᠢ ᠬᠣᠯᠪᠣᠭᠰᠠᠨ ··· 内蒙古连接东北地区首条高铁开始铺轨

ᠥᠪᠦᠷ ᠮᠣᠩᠭᠣᠯ ᠬᠢᠭᠡᠳ ᠵᠡᠭᠦᠨ ᠬᠣᠢᠲᠣ ᠣᠷᠣᠨ ᠢ ᠬᠣᠯᠪᠣᠭᠰᠠᠨ ᠠᠩᠬᠠᠳᠠᠭᠴᠢ ᠥᠨᠳᠦᠷ ᠬᠣᠷᠳᠣᠴᠠᠲᠣ ᠲᠡᠮᠦᠷ ᠵᠠᠮ ᠢ ᠲᠡᠪᠢᠰᠴᠦ ᠡᠬᠢᠯᠡᠪᠡ

ᠰᠣᠷᠪᠣᠯᠵᠢᠯᠠᠭᠴᠢ ᠳᠣᠮᠳᠠᠳᠣ ᠣᠯᠣᠰ ᠤᠨ ᠲᠡᠮᠦᠷ ᠵᠠᠮ ᠤᠨ ᠪᠥᠲᠦᠭᠡᠨ ᠪᠠᠢᠭᠣᠯᠣᠯᠲᠠ ᠶᠢᠨ ᠬᠣᠪᠢ ᠣᠷᠣᠭᠣᠯᠣᠭᠰᠠᠨ ᠬᠢᠵᠠᠭᠠᠷᠲᠣ ᠺᠣᠮᠫᠠᠨᠢ ᠡᠴᠠ ᠣᠢᠯᠭᠠᠭᠰᠠᠨ ᠢᠶᠠᠷ ᠂ 7 ᠤ ᠦᠲᠡ ᠶᠢᠨ ᠡᠮᠦᠨ᠎ᠡ ᠂ ᠳᠣᠮᠳᠠᠳᠣ ᠣᠯᠣᠰ ᠤᠨ ᠲᠡᠮᠦᠷ ᠵᠠᠮ ᠤᠨ ᠠᠷᠪᠠᠨ ᠳᠥᠷᠪᠡᠳᠦᠭᠡᠷ ᠲᠣᠪᠴᠢᠶᠠᠨ ᠤ ᠲᠡᠮᠦᠷ ᠵᠠᠮ ᠲᠡᠪᠢᠰᠬᠦ ᠮᠠᠰᠢᠨ ᠵᠠᠩ ᠡᠦ ᠥᠷᠲᠡᠭᠡ ᠳ᠋ᠥ 500 ᠮᠧᠲ᠋ᠷ ᠤᠨ ᠲᠣᠭᠣᠷᠢᠯ ᠵᠠᠮ  ᠢ ᠵᠠᠮ ᠤᠨ ᠲᠡᠷ᠎ᠡ ᠲᠡᠭᠡᠷ᠎ᠡ ᠠᠮᠣᠷ ᠲᠥᠪᠰᠢᠨ ᠂ ᠳᠣᠭᠲᠠᠭᠣᠨ ᠢᠶᠠᠷ ᠲᠡᠪᠢᠰᠬᠦ ᠶᠢ ᠲᠠᠭᠠᠯᠳᠣᠨ ᠂ ᠥᠪᠦᠷ ᠮᠣᠩᠭᠣᠯ ᠤᠨ ᠥᠪᠡᠷᠲᠡᠭᠡᠨ ᠵᠠᠰᠠᠬᠣ ᠣᠷᠣᠨ ᠬᠢᠭᠡᠳ ᠵᠡᠭᠦᠨ ᠣᠷᠣᠨ ᠢ ᠬᠣᠯᠪᠣᠭᠰᠠᠨ ᠠᠩᠬᠠᠳᠠᠭᠴᠢ ᠥᠨᠳᠦᠷ ᠬᠣᠷᠳᠣᠴᠠᠲᠣ ᠲᠡᠮᠦᠷ ᠵᠠᠮ —— ᠥᠪᠦᠷ ᠮᠣᠩᠭᠣᠯ ᠤᠨ ᠲᠥᠩᠯᠢᠶᠤᠤ ᠡᠴᠠ ᠯᠢᠶᠣᠣᠨᠢᠩ ᠤᠨ ᠰᠢᠨ ᠮᠢᠨ ᠤ ᠠᠷᠤ ᠳ᠋ᠥ ᠬᠦᠷᠬᠦ ᠥᠨᠳᠦᠷ ᠬᠣᠷᠳᠣᠴᠠᠲᠣ ᠲᠡᠮᠦᠷ ᠵᠠᠮ ᠤᠨ ᠲᠣᠭᠣᠷᠢᠯ ᠵᠠᠮ ᠲᠡᠪᠢᠰᠬᠦ ᠱᠠᠲᠣᠨ ᠳ᠋ᠥ ᠵᠢᠩᠬᠢᠨᠢ ᠣᠷᠣᠵᠣ ᠂ ᠪᠦᠬᠦ ᠱᠣᠭᠣᠮ ᠤᠨ ᠣᠷᠣᠭᠰᠢᠲᠠᠢ ᠶᠠᠪᠣᠭᠳᠠᠬᠣ ᠳ᠋ᠥ ᠠᠰᠢᠭᠲᠠᠢ ᠨᠥᠬᠦᠴᠡᠯ ᠢ ᠪᠦᠷᠢᠯᠳᠦᠭᠦᠯᠵᠦ ᠥᠭᠴᠠᠢ ᠃

ᠳᠣᠮᠳᠠᠳᠣ ᠣᠯᠣᠰ ᠤᠨ ᠲᠡᠮᠦᠷ ᠵᠠᠮ ᠤᠨ ᠠᠷᠪᠠᠨ ᠳᠥᠷᠪᠡᠳᠦᠭᠡᠷ ᠲᠣᠪᠴᠢᠶ᠎ᠠ ᠶᠢᠨ ᠪᠥᠯᠦᠭᠯᠡᠯ ᠦᠨ ᠲᠦᠩᠯᠢᠶᠤᠤ  ᠶᠢᠨ ᠠᠶᠠᠨᠴᠢᠨ ᠤ ᠲᠣᠰᠬᠠᠢ ᠲᠥᠷᠦᠯ ᠵᠦᠢᠯ ᠦᠨ ᠲᠠᠭᠠᠭᠠᠮᠠᠯ ᠯᠢᠦ ᠱᠢ ᠭᠣᠧᠠᠩ ᠤᠨ ᠲᠠᠨᠢᠯᠴᠠᠭᠣᠯᠣᠭᠰᠠᠨ ᠢᠶᠠᠷ ᠂ ᠥᠪᠦᠷ ᠮᠣᠩᠭᠣᠯ ᠤᠨ ᠲᠦᠩᠯᠢᠶᠤᠤ ᠡᠴᠠ ᠯᠢᠶᠤᠤᠨᠢᠩ ᠤᠨ ᠰᠢᠨ ᠮᠢᠨ ᠤ ᠠᠷᠤ ᠳᠥ ᠬᠦᠷᠬᠦ ᠥᠨᠳᠦᠷ ᠬᠣᠷᠳᠣᠴᠠᠲᠣ ᠲᠡᠮᠦᠷ ᠵᠠᠮ  ᠤᠨ ᠭᠣᠣᠯ ᠱᠣᠭᠣᠮ ᠤᠨ ᠪᠦᠬᠦ ᠣᠷᠳᠣ ᠨᠢ 398.8 ᠺᠢᠯᠣᠮᠧᠲ᠋ᠷ ᠂ ᠲᠡᠮᠦᠷ ᠵᠠᠮ  ᠤᠨ ᠲᠡᠪᠢᠰᠬᠦ ᠠᠵᠢᠯ ᠳ᠋ᠥ 2 ᠲᠡᠪᠢᠰᠬᠦ ᠮᠠᠰᠢᠨ ᠵᠠᠷᠣᠴᠠᠭᠣᠯᠵᠣ ᠂ ᠵᠠᠮ ᠲᠡᠪᠢᠰᠬᠦ ᠮᠠᠰᠢᠨ ᠪᠦᠷᠢ ᠡᠳᠦᠷ ᠲᠣ 1.5 ᠺᠢᠯᠦᠮᠧᠲ᠋ᠷ ᠡᠴᠠ ᠲᠡᠭᠡᠭᠰᠢ ᠲᠡᠪᠢᠰᠬᠦ ᠶᠢ ᠪᠠᠲᠣᠯᠠᠨ ᠂ 2018ᠣᠨ ᠤ 6 ᠰᠠᠷ᠎ᠠ ᠳ᠋ᠥ ᠠᠵᠢᠯ ᠲᠠᠭᠣᠰᠬᠣ  ᠪᠠᠷ ᠲᠥᠰᠦᠪᠯᠡᠵᠦ ᠂ 7 ᠰᠠᠷ᠎ᠠ ᠳ᠋ᠥ ᠲᠣᠨᠣᠭ ᠳᠥᠬᠦᠭᠡᠷᠦᠮᠵᠢ  ᠢᠶᠠᠨ ᠲᠣᠷᠰᠢᠨ ᠲᠣᠬᠢᠷᠠᠭᠣᠯᠣᠨ᠎ᠠ ᠃ ᠥᠪᠦᠷ ᠮᠣᠩᠭᠣᠯ ᠤᠨ ᠲᠥᠩᠯᠢᠶᠤᠤ ᠡᠴᠠ ᠯᠢᠶᠣᠣᠨᠢᠩ ᠤᠨ ᠰᠢᠨ ᠮᠢᠨ  ᠤᠨ ᠬᠣᠢᠳᠣ ᠳ᠋ᠥ ᠬᠦᠷᠬᠦ ᠥᠨᠳᠦᠷ ᠬᠣᠷᠳᠣᠴᠠᠲᠣ ᠲᠡᠮᠦᠷ ᠵᠠᠮ ᠤᠨ ᠲᠥᠯᠦᠪᠯᠡᠭᠰᠡᠨ ᠬᠣᠷᠳᠣᠴᠠ ᠴᠠᠭ ᠪᠦᠷᠢ 250 ᠺᠢᠯᠦᠮᠧᠲ᠋ᠷ ᠂ ᠮᠥᠨᠴᠦ ᠣᠯᠣᠰ  ᠤᠨ ᠨᠡᠯᠢᠶᠡᠳ ᠣᠷᠲᠣ ᠬᠣᠭᠣᠴᠠᠭᠠᠨ ᠤ ᠲᠡᠮᠦᠷ ᠵᠠᠮ  ᠤᠨ ᠲᠣᠣᠷ  ᠤᠨ ᠲᠥᠯᠦᠪᠵᠢᠭᠦᠯᠭᠡ  ᠶᠢᠨ 《ᠨᠠᠢᠮᠠᠨ ᠭᠣᠯᠳᠣ ᠨᠠᠢᠮᠠᠨ ᠬᠦᠨᠳᠡᠯᠡᠨ 》 ᠥᠨᠳᠦᠷ ᠬᠣᠷᠳᠣᠴᠠᠲᠣ ᠲᠡᠮᠦᠷ ᠵᠠᠮ ᠤᠨ ᠲᠣᠣᠷ ᠤᠨ ᠪᠦᠷᠢᠯᠳᠦᠭᠦᠨ ᠬᠡᠰᠡᠭ ᠮᠦᠨ ᠂ ᠶᠠᠭ ᠪᠥᠲᠦᠭᠡᠨ ᠪᠠᠢᠭᠣᠯᠵᠣ ᠪᠠᠢᠭ᠎ᠠ ᠪᠡᠭᠡᠵᠢᠩ ᠡᠴᠠ ᠮᠦᠭᠲᠡᠨ ᠬᠦᠷᠬᠦ ᠥᠨᠳᠦᠷ ᠬᠣᠷᠳᠣᠴᠠᠲᠣ ᠲᠡᠮᠦᠷ ᠵᠠᠮ ᠲᠠᠢ ᠵᠠᠯᠭᠠᠵᠣ ᠂ ᠵᠡᠭᠦᠨ ᠬᠣᠢᠲᠣ ᠣᠷᠣᠨ ᠴᠢᠨᠠᠭᠰᠢᠯᠠᠪᠠᠯ ᠪᠦᠬᠦ ᠣᠯᠣᠰ ᠤᠨ ᠲᠡᠮᠦᠷ ᠵᠠᠮ ᠤᠨ ᠲᠣᠣᠷ ᠲᠣ ᠣᠷᠣᠨ᠎ᠠ ᠃

ᠢᠷᠡᠯᠲᠡ ᠄ ᠠᠷᠠᠳ ᠤᠨ ᠰᠦᠯᠵᠢᠶ᠎ᠡ

内蒙古连接东北地区首条高铁开始铺轨

2018年1月7日上午,随着中铁十四局的铺轨机在彰武站将首对500米长钢轨安全平稳铺设到轨枕上,内蒙古自治区连接东北地区的首条高铁——内蒙古通辽至辽宁新民北高铁正式进入铺轨阶段,为全线顺利开通创造了有利条件。

据中铁十四局集团通辽客专项目经理刘时光介绍,内蒙古通辽至辽宁新民北高铁正线铺轨398.8公里,铺轨作业投入了2台直铺机,确保每台直铺机每日铺设长轨1.5公里以上,预计2018年6月完工,7月进行设备联调联试。

内蒙古通辽至辽宁新民北高铁设计时速250公里,是国家中长期铁路网规划的“八横八纵”高速铁路网的组成部分,经与在建的京沈高铁相连接,汇入东北地区乃至全国高铁网。
来源:新华社

 
Posted in ᠲᠠᠨ ᠤ ᠠᠩᠬᠠᠷᠤᠯ ᠳ᠋ᠤ|热点信息 and tagged .