ᠡ᠊ • ᠤᠶᠠᠩᠭ᠎ᠠ ᠶᠢᠨ ᠰᠢᠨ᠎ᠡ ᠲᠠᠭᠤᠤ᠄ ᠮᠤᠩᠭᠤᠯ ᠳᠦᠮᠡᠨ ᠦ ᠢᠷᠦᠭᠡᠯ

 

ᠡ᠊ • ᠤᠶᠠᠩᠭ᠎ᠠ ᠶᠢᠨ ᠰᠢᠨ᠎ᠡ ᠲᠠᠭᠤᠤ᠄ ᠮᠤᠩᠭᠤᠯ ᠳᠦᠮᠡᠨ ᠦ ᠢᠷᠦᠭᠡᠯ

ᠲᠥᠪ ᠷᠠᠳᠢᠣ᠋ ᠤᠨ ᠭᠠᠷ ᠤᠲᠠᠰᠤᠨ ᠤ ᠲᠠᠪᠴᠠᠩ ᠢ ᠠᠩᠬᠠᠷᠤᠨ ᠬᠠᠯᠠᠮᠵᠢᠯᠠᠵᠤ ᠪᠠᠢᠭ᠎ᠠ ᠡᠷᠬᠢᠮ ᠨᠥᠬᠥᠳ ᠲᠠ ᠪᠦᠬᠦᠨ ᠦ ᠢᠶᠡᠨ 2018 ᠣᠨ ᠤ ᠠᠮᠤᠷ ᠠᠮᠤᠭᠤᠯᠠᠩ ᠢ ᠠᠰᠠᠭᠤᠵᠤ᠂ 《ᠮᠤᠩᠭᠤᠯ ᠳᠦᠮᠡᠨ ᠦ ᠢᠷᠦᠭᠡᠯ》 ᠭᠡᠬᠦ ᠰᠠᠢᠬᠠᠨ ᠲᠠᠭᠤᠤ ᠶᠢ ᠬᠦᠷᠭᠡᠵᠦ ᠪᠠᠢᠨ᠎ᠠ᠃ ᠲᠠᠭᠤᠤ ᠶᠢᠨ ᠦᠭᠡ ᠶᠢ ᠲᠠᠭᠤᠤ ᠶᠢᠨ ᠰᠢᠯᠦᠭ ᠦᠨ ᠨᠡᠷᠡᠲᠦ ᠢᠷᠠᠭᠤ ᠨᠠᠢᠷᠠᠭᠴᠢ ᠨᠠᠰᠤᠨ ᠪᠢᠴᠢᠵᠦ᠂ ᠠᠷᠤ ᠬᠣᠷᠴᠢᠨ ᠨᠤᠲᠤᠭ ᠲᠠᠢ ᠣᠶᠤᠲᠠᠨ ᠪ᠂ ᠰᠦᠬᠡᠪᠠᠭᠠᠲᠤᠷ ᠠᠶ᠎ᠠ ᠲᠠᠭᠠᠷᠠᠭᠤᠯᠵᠤ᠂ ᠵᠠᠯᠠᠭᠤ ᠲᠠᠭᠤᠴᠢᠨ ᠡ᠊᠂ ᠤᠶᠠᠩᠭ᠎ᠠ ᠲᠠᠭᠤᠯᠠᠵᠠᠢ᠃
ᠢᠷᠦᠭᠡᠯ ᠭᠡᠵᠤ ᠶᠡᠷᠦ ᠨᠢ ᠮᠠᠭᠤ ᠮᠠᠭᠤᠬᠠᠢ ᠶᠠᠭᠤᠮ᠎ᠠ ᠪᠠᠢᠳᠠᠭ ᠦᠭᠡᠢ ᠴᠣᠯ ᠴᠡᠪᠡᠷ ᠠᠷᠢᠭᠤᠨ ᠴᠠᠭᠠᠨ ᠤ ᠪᠡᠯᠭᠡ ᠲᠡᠮᠪᠡᠷᠡᠯ ᠲᠡᠢ ᠵᠦᠢᠯ᠃ ᠬᠥᠮᠥᠨ ᠵᠤᠨ ᠳ᠋ᠠᠭᠠᠨ ᠰᠠᠢᠨ ᠰᠠᠢᠬᠠᠨ ᠢ ᠬᠦᠰᠡᠭᠰᠡᠨ᠂ ᠪᠡᠯᠭᠡᠯᠡᠭᠰᠡᠨ ᠰᠡᠳᠬᠢᠯ ᠦᠨ ᠰᠠᠢᠨ ᠡᠨᠧᠷᠭᠢ᠃ ᠮᠣᠩᠭᠣᠯᠴᠤᠳ ᠤᠤᠯ ᠡᠴᠠ ᠪᠠᠨ ᠰᠢᠨ᠎ᠡ ᠵᠦᠢᠯ ᠪᠦᠬᠦᠨ ᠢ ᠢᠷᠦᠭᠡᠵᠦ ᠤᠭᠲᠤᠳᠠᠭ ᠰᠣᠶᠣᠯ ᠲᠠᠢ ᠤᠭᠰᠠᠭ᠎ᠠ᠂ ᠣᠳᠣ ᠰᠢᠨ᠎ᠡ ᠣᠨ ᠢᠶᠠᠨ 《 ᠮᠣᠩᠭᠣᠯ ᠲᠦᠮᠡᠨ ᠦ ᠢᠷᠦᠭᠡᠯ》 ᠢᠶᠡᠷ ᠤᠭᠲᠤᠵᠤ ᠪᠠᠢᠨ᠎ᠠ᠃

ᠮᠤᠩᠭᠤᠯ ᠳᠦᠮᠡᠨ ᠦ ᠢᠷᠦᠭᠡᠯ ᠪᠠᠲᠤ ᠣᠷᠣᠰᠢᠭ︕
ᠤᠮ ᠰᠠᠢᠨ ᠠᠮᠤᠭᠤᠯᠠᠩ ᠪᠣᠯᠲᠤᠭᠠᠢ︕
ᠡᠩᠬᠡ ᠰᠠᠢᠨ ᠵᠢᠷᠭᠠᠯᠠᠩ ᠪᠣᠯᠲᠤᠭᠠᠢ︕

ᠮᠤᠩᠭᠤᠯ ᠳᠦᠮᠡᠨ ᠦ ᠢᠷᠦᠭᠡᠯ
ᠦᠭᠡ᠄ ᠨᠠᠰᠤᠨ
ᠠᠶ᠎ᠠ᠄ ᠰᠦᠬᠡᠪᠠᠭᠠᠳᠤᠷ
ᠡ᠊᠂ ᠤᠶᠠᠩᠭ᠎ᠠ ᠲᠠᠭᠤᠯᠠᠵᠠᠢ

ᠲᠠᠢᠪᠤᠩ ᠳᠤᠷᠤᠨ᠎ᠠ ᠠᠴᠠ ᠮᠠᠩᠬᠠᠢᠬᠤ ᠦᠦᠷ ᠦᠨ ᠰᠡᠪᠰᠢᠶ᠎ᠡ ᠨᠢ ᠰᠡᠩᠬᠢᠨᠡᠭᠦᠬᠡᠨ
ᠲᠠᠯ᠎ᠠ ᠶᠢ ᠰᠡᠷᠢᠭᠡᠵᠦ ᠠᠳᠤᠭᠤᠳ ᠳᠤᠷᠬᠢᠯᠳᠤᠬᠤ ᠨᠢ ᠰᠡᠳᠬᠢᠯ ᠳ᠋ᠤ ᠴᠡᠩᠬᠡᠭᠦᠬᠡᠨ
ᠲᠠᠨᠠᠨ ᠭᠡᠷ ᠦᠨ ᠮᠢᠨᠢ ᠲᠡᠷᠭᠡᠳᠡ ᠡᠴᠡ ᠤᠷᠭᠤᠬᠤ ᠨᠠᠷᠠ ᠪᠠᠳᠠᠷᠠᠭᠤᠬᠠᠨ
ᠲᠠᠩᠰᠤᠭ ᠢ ᠨᠢ ᠱᠠᠭᠰᠢᠨ ᠵᠢᠷᠭᠢᠬᠦ ᠰᠢᠪᠠᠭᠤᠳ ᠲᠩᠷᠢ ᠲᠤ ᠲᠡᠪᠡᠷᠡᠭᠦᠬᠡᠨ

ᠴᠠᠴᠤᠯᠢ ᠮᠢᠯᠢᠶᠠᠭᠰᠠᠨ ᠰᠢᠷᠭᠠᠯ ᠡᠳᠦᠷ ᠦᠳ ᠪᠠᠶᠠᠷ ᠲᠡᠭᠡᠵᠢᠯᠡᠭᠡᠰᠦᠳᠡᠢ
ᠴᠠᠳᠢᠭ ᠬᠠᠭᠤᠴᠢᠯᠠᠭᠰᠠᠨ ᠪᠤᠭᠤᠷᠤᠯ ᠤᠨ ᠵᠢᠯ ᠤᠳ ᠪᠠᠬᠠᠷᠬᠠᠯ ᠲᠡᠭᠡᠳᠦᠯᠡᠭᠡᠰᠤᠳᠡᠢ
ᠴᠠᠭ ᠴᠠᠭ ᠤᠨ ᠲᠩᠷᠢ ᠲᠡᠳᠬᠦᠭᠰᠡᠨ ᠬᠡᠢᠮᠦᠷᠢ ᠨᠢ ᠲᠠᠯᠠᠯᠤᠭᠠᠰᠤᠳᠠᠢ
ᠴᠠᠭᠯᠠᠰᠢ ᠦᠭᠡᠢ ᠪᠤᠶᠠᠨ ᠵᠠᠶᠠᠭᠠᠳᠤ ᠮᠤᠩᠭᠤᠯ ᠳᠦᠮᠡᠨ ᠦ ᠢᠷᠦᠭᠡᠯ ᠡ

ᠲᠡᠯᠡᠬᠡᠢ ᠴᠢᠮᠡᠭᠰᠡᠨ ᠳᠦᠷᠪᠡᠨ ᠴᠠᠭ ᠨᠢ ᠭᠠᠯᠪᠠ ᠳ᠋ᠤ ᠭᠠᠩᠭᠠᠩ
ᠲᠡᠨᠵᠢ ᠭᠤᠶᠤᠭᠰᠠᠨ ᠨᠠᠯᠠᠭᠠᠠᠷ ᠨᠠᠭᠠᠳᠤᠮ ᠨᠢ ᠨᠠᠷᠠᠳᠤ ᠳ᠋ᠤ ᠦᠵᠡᠰᠬᠦᠯᠡᠩ
ᠲᠡᠩᠳᠡᠭᠦᠦ ᠦᠭᠭᠢᠶᠡᠮᠦᠷ ᠬᠦᠮᠦᠨ ᠠᠷᠠᠳ ᠨᠢ ᠬᠤᠷᠸ᠎ᠠ ᠳ᠋ᠤ ᠲᠡᠨᠢᠭᠡᠷᠬᠡᠨ
ᠲᠡᠭᠡᠳᠦᠯᠡᠨ ᠡᠷᠭᠦᠬᠦ ᠲᠠᠭᠤᠤ ᠬᠤᠭᠤᠷ ᠨᠢ ᠶᠢᠷᠳᠢᠨᠴᠤ ᠳ᠋ᠤ ᠢᠷᠠᠭᠤᠬᠠᠨ
ᠲᠠᠬᠢᠯᠳᠠ
ᠬᠤᠳᠤᠢᠰᠢ ᠦᠭᠡᠢ ᠨᠤᠶᠠᠨ ᠨᠢᠷᠤᠭᠤ ᠲᠠᠢ ᠠᠮᠢᠳᠤᠷᠠᠯ ᠨᠢ ᠠᠮᠤᠭᠤᠯᠠᠩ
ᠬᠤᠪᠢᠷᠠᠰᠢ ᠦᠭᠡᠢ ᠦᠨᠡᠨ ᠬᠠᠢᠷ᠎ᠠ ᠲᠠᠢ ᠦᠷᠡᠰ ᠨᠢ ᠵᠢᠷᠭᠠᠯᠠᠩ
ᠠᠯᠵᠠᠰᠢ ᠦᠭᠡᠢ ᠬᠠᠳᠠᠭᠤ ᠲᠡᠪᠴᠢᠶᠡᠷᠢ ᠲᠡᠢ ᠦᠢᠯᠡᠰ ᠨᠢ ᠡᠭᠡᠰᠢᠭᠯᠡᠩ
ᠠᠯᠳᠠᠷᠠᠰᠢ ᠦᠭᠡᠢ ᠠᠭᠤᠤ ᠬᠦᠰᠡᠯᠡᠩ ᠲᠡᠢ ᠢᠷᠡᠭᠡᠳᠦᠢ ᠨᠢ ᠪᠠᠶᠠᠰᠬᠤᠯᠠᠩ
ᠲᠠᠬᠢᠯᠳᠠ

 
 
Posted in ᠵᠤᠴᠢᠨ ᠬᠤᠢ᠌ᠮᠤᠷ| 每日嘉宾 and tagged .