《ᠥᠪᠦᠷ ᠮᠣᠩᠭᠣᠯ ᠤᠨ ᠲᠠᠯᠠᠨ ᠵᠢᠯ ᠤᠨ ᠰᠢᠯᠦᠭ ᠦᠨ ᠰᠣᠩᠭᠣᠮᠠᠯ》 ···《内蒙古七十年诗选》正式出版

《ᠥᠪᠦᠷ ᠮᠣᠩᠭᠣᠯ ᠤᠨ ᠲᠠᠯᠠᠨ ᠵᠢᠯ ᠤᠨ ᠰᠢᠯᠦᠭ ᠦᠨ ᠰᠣᠩᠭᠣᠮᠠᠯ》 ᠵᠢᠩᠬᠢᠨᠢ ᠪᠠᠷ ᠬᠡᠪᠯᠡᠭᠳᠡᠪᠡ

ᠣᠢᠷ᠎ᠠ ᠶᠢᠨ ᠡᠳᠦᠷ ᠂ ᠪᠦᠬᠦ ᠦᠵᠡᠮᠵᠢᠲᠦ ᠬᠡᠯᠪᠡᠷᠢ ᠶᠢᠨ ᠥᠪᠦᠷ ᠮᠣᠩᠭᠣᠯ  ᠤᠨ ᠥᠪᠡᠷᠲᠡᠭᠡᠨ ᠵᠠᠰᠠᠬᠣ ᠣᠷᠣᠨ ᠪᠠᠢᠭᠣᠯᠣᠭᠳᠠᠭᠰᠠᠨ ᠲᠠᠯᠠᠨ ᠵᠢᠯ ᠤᠨ ᠰᠢᠯᠦᠭ ᠲᠠᠭᠣᠯᠠᠯ ᠤᠨ ᠠᠮᠵᠢᠯᠲᠠ ᠪᠥᠲᠦᠮᠵᠢ ᠶᠢᠨ ᠲᠣᠮᠣ ᠬᠡᠯᠪᠡᠷᠢ ᠶᠢᠨ ᠲᠡᠥᠬᠡᠲᠦ ᠴᠢᠨᠠᠷ ᠤᠨ ᠰᠣᠩᠭᠣᠮᠠᠯ 《ᠥᠪᠦᠷ ᠮᠣᠩᠭᠣᠯ ᠤᠨ ᠲᠠᠯᠠᠨ ᠵᠢᠯ ᠤᠨ ᠰᠢᠯᠦᠭ ᠦᠨ ᠰᠣᠩᠭᠣᠮᠠᠯ 》 (ᠲᠡᠭᠡᠳᠦ ᠳᠣᠣᠷᠠᠲᠣ ᠪᠣᠳᠢ ) ᠢ ᠥᠪᠦᠷ ᠮᠣᠩᠭᠤᠯ ᠤᠨ ᠬᠡᠪᠯᠡᠯ ᠦᠨ ᠪᠥᠯᠦᠭᠯᠡᠯ ᠥᠪᠦᠷ ᠮᠣᠩᠭᠣᠯ ᠤᠨ ᠰᠣᠷᠭᠠᠨ ᠬᠥᠮᠦᠵᠢᠯ ᠦᠨ ᠬᠡᠪᠯᠡᠯ ᠦᠨ ᠬᠣᠷᠢᠶ᠎ᠠ ᠡᠴᠠ ᠬᠡᠪᠯᠡᠪᠡ ᠃

ᠣᠢᠯᠭᠠᠭᠰᠠᠨ ᠢᠶᠠᠷ ᠂ ᠠᠯᠳᠠᠷᠲᠣ ᠮᠣᠩᠭᠣᠯ ᠦᠨᠳᠦᠰᠦᠲᠡᠨ ᠦ ᠰᠢᠯᠦᠭᠴᠢ ᠠᠭᠣᠯᠠᠲᠠᠢ ᠰᠠᠨᠠᠭᠠᠴᠢᠯᠠᠨ ᠡᠬᠦᠳᠴᠦ ᠤᠬᠠᠭᠠᠯᠠᠨ ᠲᠦᠰᠦᠪᠯᠡᠵᠦ ᠂ ᠰᠢᠯᠦᠭᠴᠢ ᠭᠣᠧᠠᠩ ᠽᠢ ᠂ ᠸᠧᠨ ᠭᠦ ᠭᠣᠣᠯᠯᠠᠨ ᠨᠠᠢᠷᠠᠭᠣᠯᠵᠣ ᠂ ᠥᠪᠦᠷ ᠮᠣᠩᠭᠣᠯ ᠤᠨ ᠰᠣᠷᠭᠠᠨ ᠬᠥᠮᠦᠵᠢᠯ ᠦᠨ ᠬᠡᠪᠯᠡᠯ ᠦᠨ ᠬᠣᠷᠢᠶ᠎ᠠ ᠡᠴᠠ ᠬᠡᠪᠯᠡᠭᠰᠡᠨ 《ᠥᠪᠦᠷ ᠮᠣᠩᠭᠣᠯ ᠤᠨ ᠲᠠᠯᠠᠨ ᠵᠢᠯ ᠤᠨ ᠰᠢᠯᠦᠭ ᠦᠨ ᠰᠣᠩᠭᠣᠮᠠᠯ 》 ᠢ ᠲᠡᠭᠡᠳᠦ ᠳᠣᠣᠷᠠᠲᠣ ᠬᠣᠶᠠᠷ ᠪᠥᠯᠦᠭ ᠬᠣᠪᠢᠶᠠᠵᠣ ᠂ 16 ᠵᠦᠰᠦᠮᠲᠦ ᠲᠡᠪᠲᠡᠷ ᠂ ᠨᠡᠢᠲᠡ ᠮᠢᠩᠭᠠᠨ ᠨᠢᠭᠣᠷ  ᠲᠠᠢ ᠂ 1947 ᠣᠨ ᠡᠴᠠ 2017 ᠣᠨ ᠪᠣᠯᠲᠠᠯᠠᠬᠢ ᠲᠠᠯᠠᠨ ᠵᠢᠯ ᠤᠨ ᠬᠣᠭᠣᠴᠠᠭᠠᠨ ᠳ᠋ᠡᠬᠢ ᠥᠪᠦᠷ ᠮᠣᠩᠭᠣᠯ ᠤᠨ ᠠᠳᠠᠯᠢ ᠪᠣᠰᠣ ᠲᠡᠥᠬᠡᠨ ᠴᠠᠭ ᠦᠶ᠎ᠡ ᠶᠢᠨ 180 ᠲᠥᠯᠦᠭᠡᠯᠡᠬᠦ ᠴᠢᠨᠠᠷᠲᠠᠢ ᠰᠢᠯᠦᠭᠴᠢ ᠶᠢᠨ ᠰᠢᠯᠢᠳᠡᠭ ᠪᠥᠲᠦᠭᠡᠯ ᠢ ᠰᠢᠯᠢᠨ ᠰᠣᠩᠭᠣᠪᠠ ᠂ ᠨᠡᠷᠡᠲᠦ ᠰᠢᠯᠦᠭᠴᠢ ᠨᠠ᠊᠂ ᠰᠠᠢᠨᠴᠤᠭᠲᠤ ᠂ ᠪᠠ᠊᠂ ᠪᠦᠷᠢᠨᠪᠡᠬᠢ ᠂ ᠴᠢᠮᠡᠳᠳᠤᠷᠵᠢ ᠂ ᠠᠨ ᠮᠢ ᠂ ᠵᠢᠶᠠ ᠮᠠᠨ ᠂ ᠠᠷᠲᠠᠢ ᠵᠡᠷᠭᠡ ᠡᠴᠠ ᠠᠪᠤᠭᠠᠳ90 ᠣᠨ ᠤ ᠰᠡᠭᠦᠯᠴᠢ ᠶᠢᠨ ᠰᠢᠨ᠎ᠡ ᠴᠠᠭ ᠦᠶ᠎ᠡ ᠶᠢᠨ ᠲᠠᠯ᠎ᠠ ᠨᠣᠳᠣᠭ  ᠤᠨ ᠰᠢᠯᠦᠭᠴᠢ ᠵᠢᠨ ᠪᠦᠲᠦᠭᠡᠯ  ᠢ ᠬᠦᠷᠲᠡᠯ᠎ᠡ ᠪᠠᠭᠲᠠᠭᠠᠵᠠᠢ ᠂ ᠦᠨᠡᠬᠡᠷ ᠲᠠᠯ᠎ᠠ ᠨᠣᠲᠣᠭ ᠤᠨ ᠰᠢᠯᠦᠭ ᠲᠠᠭᠣᠯᠠᠯ  ᠤᠨ ᠬᠦᠭᠵᠢᠯᠲᠡ ᠪᠣᠯᠣᠨ ᠦᠷ᠎ᠡ ᠪᠥᠲᠦᠭᠡᠯ  ᠢ ᠲᠡᠯᠭᠡᠨ ᠦᠵᠡᠬᠦᠯᠦᠭᠰᠡᠨ ᠪᠦᠬᠦ ᠦᠵᠡᠮᠵᠢ ᠶᠢᠨ ᠬᠡᠯᠪᠡᠷᠢ ᠵᠢᠨ ᠂ ᠲᠡᠥᠬᠡᠨ ᠴᠠᠭ ᠦᠶ᠎ᠡ  ᠶᠢᠨ ᠴᠢᠨᠠᠷᠲᠠᠢ ᠰᠣᠩᠭᠣᠮᠠᠯ ᠲᠡᠪᠲᠡᠷ ᠭᠡᠵᠦ ᠬᠡᠯᠡᠵᠦ ᠪᠤᠯᠤᠮᠤᠢ ᠃

ᠢᠷᠡᠯᠳᠡ ᠄ ᠠᠷᠠᠳ ᠤᠨ ᠰᠦᠯᠵᠢᠶ᠎ᠡ

 

《内蒙古七十年诗选》正式出版

一部被称为全景式反映内蒙古自治区成立70年诗歌创作成就的大型编年体史料性选本《内蒙古七十年诗选》(上下卷),将于12月30日上午在呼和浩特内蒙古出版集团大厦举行隆重的首发仪式。

Posted in ᠨᠤᠮ ᠳ᠋ᠤ ᠮᠦᠷᠭᠦᠶ᠎ᠡ |好书推荐 and tagged .