20 ᠤ ᠦᠳᠡ ᠡᠴᠡ ᠡᠮᠦᠨ᠎ᠡ᠂ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠨᠢ ᠬᠦᠬᠡᠬᠤᠳᠠ᠂ ᠪᠤᠭᠤᠳᠤ᠂ ᠤᠷᠳᠤᠰ ᠭᠤᠷᠪᠠᠨ ᠬᠤᠳᠠ ᠳᠤ ᠰᠢᠨ᠎ᠡ ᠡᠷᠴᠢᠮ ᠬᠦᠴᠦᠨ ᠤ ᠮᠠᠰᠢᠨ ᠳᠤ ᠳ᠋ᠤᠭᠠᠷ ᠬᠠᠳᠠᠬᠤ ᠠᠵᠢᠯ ᠢ ᠳᠤᠷᠰᠢᠨ ᠡᠬᠢᠯᠡᠬᠦᠯᠪᠡ᠃
ᠰᠢᠨ᠎ᠡ ᠡᠷᠴᠢᠮ ᠬᠦᠴᠦᠨ ᠤ ᠮᠠᠰᠢᠨ ᠤ ᠳ᠋ᠤᠭᠠᠷ ᠨᠢ ᠵᠢᠷᠭᠤᠭᠠᠨ ᠤᠷᠤᠨ ᠲᠠᠢ᠂ ᠡᠬᠦᠨ ᠳᠤ ᠴᠠᠬᠢᠯᠭᠠᠨ ᠰᠢᠨ᠎ᠡ ᠡᠷᠴᠢᠮ ᠬᠦᠴᠦᠨ ᠤ ᠮᠠᠰᠢᠨ ᠤ ᠳ᠋ᠤᠭᠠᠷ ᠨᠢ D ᠢᠶᠡᠷ ᠡᠬᠢᠯᠡᠵᠤ᠂ ᠴᠠᠬᠢᠯᠭᠠᠨ ᠤ ᠪᠤᠰᠤ ᠰᠢᠨ᠎ᠡ ᠡᠷᠴᠢᠮ ᠬᠦᠴᠦᠨ ᠤ ᠮᠠᠰᠢᠨ ᠤ ᠳ᠋ᠤᠭᠠᠷ ᠨᠢ F ᠢᠶᠡᠷ ᠡᠬᠢᠯᠡᠨ᠎ᠡ᠂ ᠳᠦᠯᠦᠪᠦᠷᠢ ᠨᠢ 100 ᠳᠦᠬᠦᠷᠢᠭ᠌᠃
ᠤᠶᠢᠯᠠᠭᠠᠭᠰᠠᠨ ᠢᠶᠡᠷ᠂ ᠤᠳᠤᠬᠠᠨ ᠳᠤ ᠦᠪᠦᠷ ᠮᠤᠩᠭᠤᠯ ᠨᠡᠶᠢᠳᠡ 7817 ᠰᠢᠨ᠎ᠡ ᠡᠷᠴᠢᠮ ᠬᠦᠴᠦᠨ ᠤ ᠮᠠᠰᠢᠨ ᠲᠠᠢ᠂ ᠭᠤᠷᠪᠠᠨ ᠳᠤᠷᠰᠢᠯᠳᠠ ᠶᠢᠨ ᠬᠤᠳᠠ ᠳᠤ 86.7 ᠬᠤᠪᠢ ᠨᠢ ᠳᠦᠪᠯᠡᠷᠡᠵᠡᠢ᠃ ᠳᠤᠷᠰᠢᠯᠳᠠ ᠶᠢᠨ ᠬᠤᠭᠤᠴᠠᠭ᠎ᠠ ᠳᠠᠭᠤᠰᠤᠭᠰᠠᠨ ᠤ ᠳᠠᠷᠠᠭ᠎ᠠ᠂ ᠰᠢᠨ᠎ᠡ ᠡᠷᠴᠢᠮ ᠬᠦᠴᠦᠨ ᠤ ᠮᠠᠰᠢᠨ ᠳᠤ ᠳ᠋ᠤᠭᠠᠷ ᠬᠠᠳᠠᠬᠤ ᠠᠵᠢᠯ ᠢ 2018 ᠤᠨ ᠤ ᠳᠡᠬᠡᠷ᠎ᠡ ᠬᠠᠭᠠᠰ ᠵᠢᠯ ᠤᠷᠤᠨ ᠲᠠᠶᠠᠭᠠᠷ ᠤᠨ ᠬᠡᠮᠵᠢᠶᠡᠨ ᠳᠤ ᠳᠦᠬᠡᠮᠡᠯᠵᠢᠬᠦᠯᠬᠦ ᠪᠡᠷ ᠪᠤᠢ᠃
ᠢᠷᠡᠯᠳᠡ᠄ᠦᠪᠦᠷ ᠮᠣᠩᠭᠣᠯ ᠤᠨ ᠭᠢᠶᠠᠨ ᠰᠦᠯᠵᠢᠶ᠎ᠡ《 ᠰᠢᠨᠬᠤᠧᠠ ᠨᠧᠲ 》ᠡᠴᠡ ᠰᠢᠯᠵᠢᠬᠦᠯᠤᠨ ᠪᠠᠭᠤᠯᠭᠠᠪᠠ