《 ᠲᠡᠬᠡᠳᠤ ᠨᠡᠢᠰᠯᠠᠯ ᠱᠠᠩᠳᠤ ᠵᠢᠨ ᠨᠤᠳᠤᠭ ᠤᠰᠤᠨ》 ᠬᠡᠬᠦ ᠨᠤᠮ ᠪᠤᠯ ᠰᠢᠯᠤᠭᠤᠨ ᠭᠦᠭᠡ ᠬᠤᠰᠢᠭᠤᠨ ᠤ ᠵᠠᠡᠭ ᠦᠢᠯᠡ ᠰᠤᠳᠤᠯᠤᠭᠠᠴᠢ ᠱ᠊ · ᠲᠦᠩᠰᠢᠭ ᠨᠡᠰᠤᠳᠡᠨ ᠤ ᠨᠠᠰᠤᠨ ᠲᠤᠷᠰᠢ ᠵᠢᠨ ᠰᠢᠨᠵᠢᠯᠡᠭᠡ ᠰᠤᠳᠤᠯᠤᠯ ᠵᠢᠡᠷ ᠵᠢᠡᠨ ᠰᠦᠪᠡᠭᠴᠢ ᠪᠤᠯᠭᠠᠵᠤ ᠪᠢᠴᠢᠭᠰᠡᠨ ᠲᠡᠤᠭᠡ ᠤᠯᠠᠮᠵᠢᠯᠠᠯ ᠤᠨ ᠨᠤᠮ ᠪᠤᠯᠬᠤ ᠪᠦᠭᠡᠤᠨ ᠡᠨᠡ ᠨᠢ ᠮᠤᠩᠭᠤᠯᠴᠤᠤᠨ ᠤᠨ ᠨᠡᠭᠦᠳᠡᠯ ᠮᠠᠯᠵᠢᠯ ᠤᠨ ᠰᠤᠶᠤᠯ ᠤᠨ ᠰᠤᠳᠤᠯᠭᠠᠨ ᠳ᠋ᠤ ᠦᠨ᠎ᠡ ᠴᠠᠨ᠎ᠠ ᠲᠠᠢ ᠪᠤᠷᠤ ᠮᠠᠲ᠋ᠧᠷᠢᠶᠠᠯ ᠪᠤᠯᠬᠤᠢᠴᠠ ᠰᠠᠢᠨ ᠨᠤᠮ ᠪᠤᠯᠵᠤ ᠴᠢᠳᠠᠵᠠᠢ᠃
《 ᠬᠦᠬᠡ ᠴᠡᠴᠡᠭ ᠤᠨ ᠬᠡᠰᠠᠷ》 ᠬᠡᠬᠦ ᠨᠤᠮ ᠪᠤᠯ ᠰᠢᠯᠤᠭᠤᠨ ᠭᠦᠭᠡ ᠬᠤᠰᠢᠭᠤᠨ ᠤ ᠪᠤᠱᠤᠤᠳᠠᠢ ᠰᠤᠮᠤ ᠪᠠᠷ ᠨᠤᠳᠤᠭᠳᠠᠢ ᠮᠠᠯᠴᠢᠨ ᠵᠤᠬᠢᠶᠠᠯᠴᠢ ᠯ᠊ · ᠪᠠᠶᠠᠰᠬᠤᠯᠠᠩ ᠤᠨ ᠮᠠᠯᠵᠢᠯ ᠠᠮᠢᠳᠤᠷᠠᠯ ᠤᠨ ᠲᠤᠮᠳᠠ ᠱᠦᠭᠦᠨ ᠲᠤᠩᠭᠠᠭᠰᠠᠨ ᠦᠨᠳᠤᠰᠤᠨ ᠰᠤᠶᠤᠯ ᠵᠢᠡᠷ ᠵᠢᠡᠨ ᠰᠦᠪᠡᠭᠴᠢ ᠪᠤᠯᠭᠠᠵᠤ ᠪᠢᠴᠢᠭᠰᠡᠨ ᠲᠡᠤᠭᠡ ᠵᠠᠡᠭ ᠦᠢᠯᠡ ᠵᠢᠨ ᠨᠤᠮ ᠪᠤᠯᠤᠨ᠎ᠠ᠃ ᠲᠡᠷᠡ ᠡᠪᠦᠬᠡ ᠲᠡᠭᠡᠳᠤᠰ ᠡᠴᠠ ᠪᠡᠨ ᠵᠠᠯᠭᠠᠮᠵᠢᠯᠠᠭᠰᠠᠨ ᠤᠯᠠᠮᠵᠢᠯᠠᠯᠳᠤ ᠰᠤᠶᠤᠯ ᠵᠠᠩᠰᠢᠯ ᠤᠨ ᠵᠢᠡᠨ ᠲᠤᠬᠠᠢ ᠤᠯᠠᠨ ᠰᠠᠢᠬᠠᠨ ᠵᠤᠬᠢᠶᠠᠯ ᠪᠢᠴᠢᠵᠤ ᠰᠤᠨᠢᠨ ᠰᠡᠳᠭᠦᠯ ᠳ᠋ᠤ ᠨᠡᠢᠳᠡᠯᠡᠵᠤ ᠪᠠᠢᠵᠠᠢ᠃ ᠲᠤᠰ ᠨᠤᠮ ᠨᠢ ᠮᠤᠩᠭᠤᠯ ᠭᠡᠷ ᠦᠨ ᠪᠦᠳᠤᠴᠡ ᠵᠢᠨ ᠲᠠᠭᠤᠳᠠᠯᠭ᠎ᠠ ᠵᠢᠨ ᠲᠤᠬᠠᠢ᠂ ᠮᠤᠩᠭᠤᠯ ᠲᠡᠷᠭᠡ᠂ ᠴᠠᠬᠠᠷ ᠮᠤᠩᠭᠤᠯᠴᠤᠤᠨ ᠦᠨ ᠢᠰᠡᠭᠡᠢ ᠬᠢᠭᠦ ᠵᠠᠡᠭ ᠦᠢᠯᠡ᠂ ᠲᠠᠪᠤᠨ ᠬᠤᠰᠢᠭᠤ ᠮᠠᠯ ᠤᠨ ᠶᠠᠰᠤᠨ ᠤ ᠨᠡᠷᠡᠢᠳᠤᠯ ᠵᠡᠷᠭᠡ 30 ᠰᠢᠬᠠᠮ ᠵᠤᠬᠢᠶᠠᠯ ᠪᠦᠳᠤᠭᠡᠯ ᠢ ᠬᠠᠮᠤᠷᠤᠭᠰᠠᠨ ᠨᠤᠮ ᠪᠤᠯᠤᠨ᠎ᠠ᠃