《 ᠴᠠᠭᠠᠰᠤᠨ ᠰᠢᠪᠠᠭᠤ ᠨᠠᠭᠠᠳᠤᠭᠤᠯᠤᠭᠴᠢ》《追风筝的人》

《 ᠴᠠᠭᠠᠰᠤᠨ ᠰᠢᠪᠠᠭᠤ ᠨᠠᠭᠠᠳᠤᠭᠤᠯᠤᠭᠴᠢ》

ᠠᠹᠭᠠᠨᠢᠰᠲ᠋ᠠᠨ ᠭᠠᠷᠤᠯᠲᠠᠢ ᠠᠮᠧᠷᠢᠺᠠ ᠵᠢᠨ ᠨᠢᠭᠡᠳᠦᠭᠰᠡᠨ ᠤᠯᠤᠰ ᠤᠨ ᠵᠣᠬᠢᠶᠠᠯᠴᠢ ᠬᠠᠯᠧᠳ᠋ ᠬᠣᠰᠰᠶᠧᠶᠢᠨᠢ 2003 ᠣᠨ ᠳ᠋ᠤ 《 ᠴᠠᠭᠠᠰᠤᠨ ᠰᠢᠪᠠᠭᠤ ᠨᠠᠭᠠᠳᠤᠭᠤᠯᠤᠭᠴᠢ》 ᠬᠡᠮᠡᠬᠦ ᠠᠩᠬᠠᠨ ᠤ ᠢᠶᠠᠨ ᠪᠦᠲᠦᠭᠡᠯ ᠢ ᠬᠡᠪᠯᠡᠭᠦᠯᠦᠭᠰᠡᠨ ᠨᠢ ᠲᠤᠬᠠᠢ ᠵᠢᠨ ᠦᠶ᠎ᠡ ᠳ᠋ᠤ ᠪᠠᠨ ᠠᠮᠧᠷᠢᠺᠠ ᠵᠢᠨ ᠨᠢᠭᠡᠳᠦᠭᠰᠡᠨ ᠤᠯᠤᠰ ᠲᠡᠳᠦᠢ ᠦᠭᠡᠢ ᠲᠡᠯᠡᠬᠡᠢ ᠳ᠋ᠠᠬᠢᠨ ᠳ᠋ᠤ ᠲᠣᠮᠣᠬᠠᠨ ᠳᠤᠤᠯᠢᠶᠠᠨ ᠲᠡᠭᠳᠡᠭᠡᠭᠰᠡᠨ ᠨᠣᠮ ᠤᠨ ᠨᠢᠭᠡ ᠪᠠᠶᠢᠯ᠎ᠠ᠃ 2001 ᠣᠨ ᠳ᠋ᠤ ᠠᠯᠠᠨ ᠬᠢᠳᠤᠭᠴᠢᠳ ᠲᠡᠯᠡᠬᠡᠢ ᠳ᠋ᠤ ᠠᠯᠳᠠᠷᠲᠠᠢ ᠢᠬᠡᠷ᠎ᠡ ᠬᠤᠳᠠᠯᠳᠤᠭᠠᠨ ᠤ ᠴᠠᠮᠬᠠᠭ ᠢ ᠮᠥᠷᠭᠥᠵᠦ ᠣᠯᠠᠨ ᠵᠠᠭᠤᠨ ᠭᠡᠮ ᠦᠭᠡᠢ ᠬᠦᠮᠦᠨ ᠦ ᠠᠮᠢ ᠨᠠᠰᠤᠨ ᠳ᠋ᠤ ᠠᠶᠤᠯ ᠤᠴᠠᠷᠠᠭᠤᠯᠤᠭᠰᠠᠨ ᠶᠠᠪᠤᠳᠠᠯ ᠤᠨ ᠲᠠᠷᠠᠭ᠎ᠠ 《 ᠴᠠᠭᠠᠰᠤᠨ ᠰᠢᠪᠠᠭᠤ ᠨᠠᠭᠠᠳᠤᠭᠤᠯᠤᠭᠴᠢ》 ᠨᠣᠮ ᠲᠦᠷᠦᠭᠰᠡᠨ ᠨᠢ ᠴᠠᠭ ᠦᠶ᠎ᠡ ᠪᠡᠨ ᠣᠯᠵᠤ ᠮᠡᠳᠡᠷᠡᠭᠰᠡᠨ ᠦᠢᠯᠡ ᠶᠠᠪᠤᠳᠠᠯ ᠪᠠᠶᠢᠭᠰᠠᠨ ᠢ ᠣᠯᠠᠨ ᠰᠢᠭᠦᠮᠵᠢᠯᠡᠭᠴᠢᠳ ᠬᠦᠯᠢᠶᠡᠨ ᠵᠥᠪᠰᠢᠶᠡᠷᠡᠭᠰᠡᠨ ᠪᠠᠶᠢᠳᠠᠭ᠃ ᠡᠨᠡ ᠨᠣᠮ ᠳ᠋ᠤ ᠯᠠᠯᠤ ᠵᠢᠨ ᠶᠢᠷᠲᠢᠨᠴᠦ ᠵᠢᠨ ᠲᠤᠬᠠᠢ᠂ ᠢᠯᠠᠩᠭᠤᠶ᠎ᠠ ᠯᠠᠯᠤ ᠵᠢᠨ ᠡᠵᠡᠯᠡᠨ ᠲᠦᠷᠢᠮᠡᠬᠡᠶᠢᠯᠡᠭᠴᠢᠳ ᠵᠢᠷ ᠤᠨ ᠢᠷᠭᠡᠳ ᠡᠴᠠ ᠪᠠᠨ ᠶᠠᠮᠠᠷ ᠢᠯᠭᠠᠭ᠎ᠠ ᠲᠠᠢ ᠪᠣᠯᠬᠤ ᠵᠢ ᠬᠦᠮᠦᠨ ᠦ ᠠᠮᠢᠳᠤᠷᠠᠯ ᠤᠨ ᠰᠡᠳᠬᠢᠯ ᠬᠥᠳᠡᠯᠭᠡᠮ᠎ᠡ ᠦᠢᠯᠡ ᠶᠠᠪᠤᠳᠠᠯ ᠤᠳ ᠵᠶᠠᠷ ᠵᠢᠱᠢᠶᠡᠯᠡᠵᠦ ᠪᠢᠴᠢᠭᠰᠡᠨ ᠨᠢ 《 ᠴᠠᠭᠠᠰᠤᠨ ᠰᠢᠪᠠᠭᠤ ᠨᠠᠭᠠᠳᠤᠭᠤᠯᠤᠭᠴᠢ》 ᠨᠣᠮ ᠤᠨ ᠦᠨ᠎ᠡ ᠴᠡᠨ᠎ᠡ ᠵᠢ ᠢᠯᠡᠳᠬᠡᠨ᠎ᠡ᠃

《追风筝的人》

Posted in ᠨᠤᠮ ᠳ᠋ᠤ ᠮᠦᠷᠭᠦᠶ᠎ᠡ |好书推荐 and tagged .