ᠵᠠᠯᠠᠭᠤ ᠲᠠᠭᠤᠴᠢᠨ ᠬᠠᠶᠢᠷ᠎ᠠ ᠶᠢᠨ ᠠᠶ᠎ᠠ ᠲᠠᠭᠤᠤ ᠶᠢᠨ ᠴᠡᠩᠭᠡᠬᠦᠨ ᠪᠤᠯᠵᠤ ᠦᠩᠭᠡᠷᠡᠪᠡ青年歌手海日唱响青城

 

ᠵᠠᠯᠠᠭᠤ ᠲᠠᠭᠤᠴᠢᠨ ᠬᠠᠶᠢᠷ᠎ᠠ ᠶᠢᠨ《ᠢᠯᠡᠬᠦᠦ ᠰᠠᠷ᠎᠎ᠠ ᠲᠠᠢ ᠨᠠᠮᠤᠷ》ᠠᠶ᠎ᠠ ᠲᠠᠭᠤᠤ ᠶᠢᠨ ᠴᠡᠩᠭᠡᠬᠦᠨ ᠪᠤᠯᠵᠤ ᠦᠩᠭᠡᠷᠡᠪᠡ

ᠤᠷᠴᠢᠮ ᠤᠨ ᠡᠳᠤᠷ ᠂ ᠰᠢᠯᠢ ᠶᠢᠨ ᠭᠤᠤᠯ ᠠᠶᠢᠮᠠᠭ ᠤᠨ ᠰᠦᠨᠢᠳ ᠪᠠᠷᠠᠭᠤᠨ ᠬᠤᠰᠢᠭᠤ ᠪᠡᠷ ᠨᠤᠲᠤᠭ ᠲᠠᠢ ᠵᠠᠯᠠᠭᠤ ᠲᠠᠭᠤᠴᠢᠨ ᠬᠠᠶᠢᠷ᠎ᠠ ᠶᠢᠨ 《ᠢᠯᠡᠬᠦᠦ ᠰᠠᠷ᠎᠎ᠠ ᠲᠠᠢ ᠨᠠᠮᠤᠷ》ᠠᠶ᠎ᠠ ᠲᠠᠭᠤᠤ ᠶᠢᠨ ᠴᠡᠩᠭᠡᠬᠦᠨ ᠲᠡᠭᠦᠨ ᠤ ᠡᠬᠡ ᠰᠤᠷᠭᠠᠭᠤᠯᠢ ᠬᠦᠬᠡᠬᠤᠲᠠ ᠦᠨᠳᠦᠰᠦᠲᠡᠨ ᠤ ᠲᠡᠭᠡᠳᠦ ᠰᠤᠷᠭᠠᠭᠤᠯᠢ ᠳ᠋ᠤ ᠪᠤᠯᠵᠤ ᠦᠩᠭᠡᠷᠡᠪᠡ᠃
  ᠵᠠᠯᠠᠭᠤ ᠲᠠᠭᠤᠴᠢᠨ ᠬᠠᠶᠢᠷ᠎ᠠ 2012 ᠤᠨ ᠳ᠋ᠤ ᠮᠤᠩᠭ᠋ᠤᠯ ᠤᠯᠤᠰ ᠤᠨ ᠰᠤᠶᠤᠯ ᠤᠷᠠᠯᠢᠭ ᠤᠨ ᠶᠡᠬᠡ ᠰᠤᠷᠭᠠᠭᠤᠯᠢ ᠳ᠋ᠤ ᠰᠢᠯᠭᠠᠭᠤᠯᠤᠨ ᠤᠷᠤᠵᠤ ᠤᠷᠲᠤ ᠶᠢᠨ ᠲᠠᠭᠤᠤ ᠶᠢᠨ ᠮᠡᠷᠭᠡᠵᠢᠯ ᠢᠶᠡᠷ ᠰᠤᠷᠤᠯᠴᠠᠨ 2017 ᠤᠨ ᠳ᠋ᠤ ᠠᠮᠵᠢᠯᠲᠠ ᠲᠠᠢ ᠪᠡᠷ ᠰᠤᠷᠤᠯᠭ᠎ᠠ ᠲᠡᠭᠦᠰᠴᠡᠢ᠃ 2013 ᠤᠨ ᠳ᠋ᠤ《 ᠢᠯᠡᠬᠦᠦ ᠰᠠᠷ᠎ᠠ ᠲᠠᠢ ᠨᠠᠮᠤᠷ 》ᠤᠷᠠᠠ ᠪᠦᠲᠦᠭᠡᠯ ᠢᠶᠡᠷ ᠢᠶᠡᠨ ᠤᠷᠠᠯᠢᠭ ᠤᠨ ᠵᠠᠮ ᠢᠶᠡᠨ ᠡᠯᠬᠦᠵᠦ᠂ ᠲᠠᠭᠤᠤ ᠶᠢᠨ ᠪᠠᠬᠠᠲᠠᠳ ᠲᠠᠭᠠᠨ ᠲᠠᠨᠢᠭᠲᠠᠨ ᠬᠦᠷᠢᠶᠡᠯᠡᠯ ᠶᠡᠬᠡᠪᠡᠷ ᠤᠯᠵᠡᠢ᠂ ᠲᠤᠰ ᠲᠠᠭᠤᠤ ᠨᠢ《ᠡᠬᠡᠰᠢᠭ᠌》ᠰᠤᠹᠲ ᠤᠨ ᠬᠠᠮᠤᠭ ᠤᠨ ᠤᠯᠠᠨ ᠬᠦᠮᠦᠨ ᠲᠠᠲᠠᠵᠤ ᠰᠤᠨᠤᠰᠤᠭᠰᠠᠨ᠂ ᠬᠠᠮᠤᠭ ᠤᠨ ᠬᠦᠷᠢᠶᠡᠯᠡᠯ ᠲᠠᠢ ᠲᠠᠭᠤᠨ ᠤ ᠵᠢᠬᠰᠠᠭᠠᠯᠲᠠ ᠳ᠋ᠤ ᠲᠡᠷᠢᠬᠦᠯᠡᠵᠡᠢ᠃ ᠮᠦᠨ ᠲᠡᠭᠦᠨ ᠤ ᠲᠠᠭᠤᠯᠠᠭᠰᠠᠨ《 ᠲᠡᠮᠡᠭᠡᠨ ᠤ ᠲᠠᠭᠤ》᠂《 ᠪᠦᠪᠡᠢ ᠡᠵᠢ》 ᠪᠤᠯᠤᠨ ᠰᠡᠷᠭᠦᠭᠡᠵᠦ ᠲᠠᠭᠤᠯᠤᠭᠰᠠᠨ《ᠵᠦᠰᠡᠷ ᠪᠤᠷᠤᠭᠠᠨ》ᠵᠡᠷᠭᠡ ᠲᠠᠭᠤᠤ ᠨᠤᠭᠤᠳ ᠨᠢ ᠲᠠᠭᠤᠤ ᠶᠢᠨ ᠪᠠᠬᠠᠲᠠᠳ ᠤᠨ ᠲᠤᠮᠲᠠ ᠦᠷᠭᠡᠨ ᠬᠡᠮᠵᠢᠶᠠᠨ ᠤ ᠤᠷᠤᠨ ᠵᠠᠢ ᠲᠠᠢ ᠪᠠᠶᠢᠲᠠᠭ᠃ ᠲᠡᠷᠡᠪᠡᠷ ᠤᠷᠠᠯᠢᠭ ᠤᠨ ᠵᠠᠮ ᠳ᠋ᠤ ᠰᠠᠨᠠᠭ᠎ᠠ ᠤᠨᠤᠭ᠎ᠠ ᠨᠡᠶᠢᠯᠡᠲᠡᠭ ᠠᠨᠲᠠ ᠨᠦᠬᠦᠳ ᠲᠠᠢ ᠪᠠᠨ ᠬᠠᠮᠲᠤ ᠪᠡᠷ 《ᠡᠪ ᠤᠨ ᠲᠦᠰᠢᠭ ᠲᠠᠢ ᠠᠨᠲᠠ》ᠲᠠᠭᠤᠤ ᠶᠢ ᠲᠠᠭᠤᠯᠠᠵᠤ ᠵᠠᠯᠠᠭᠤ ᠤᠷᠠᠨ ᠪᠦᠲᠦᠭᠡᠯᠴᠢᠳ ᠤᠨ ᠴᠤᠭ ᠵᠢᠪᠬᠤᠭ᠎ᠠ ᠶᠢ ᠬᠦᠮᠦᠰ ᠲᠤ ᠲᠠᠨᠢᠭᠤᠯᠵᠤ ᠶᠠᠪᠤᠯ᠎ᠠ᠂ ᠡᠶᠢᠨ ᠬᠦ ᠡᠬᠡ ᠰᠤᠷᠭᠠᠭᠤᠯᠢ᠂ ᠡᠷᠲᠡᠮᠲᠡᠨ ᠪᠠᠭᠰᠢᠨᠠᠷ ᠲᠠᠭᠠᠨ ᠲᠠᠯᠠᠷᠬᠠᠯ ᠢᠯᠡᠷᠬᠡᠶᠢᠯᠡᠵᠦ᠂ ᠤᠶᠤᠲᠠᠨ ᠵᠠᠯᠠᠭᠤᠰ ᠤᠨ ᠢᠶᠡᠨ ᠰᠤᠷᠤᠯᠭ᠎ᠠ ᠠᠮᠢᠲᠤᠷᠠᠯ ᠤᠨ ᠲᠦᠷᠦᠭᠡ ᠶᠢ ᠴᠢᠩᠭ᠋ᠠᠯᠠᠬᠤ ᠪᠡᠷ ᠲᠤᠰ ᠴᠡᠩᠭᠡᠬᠦᠨ ᠢᠶᠡᠨ ᠵᠤᠬᠢᠶᠠᠨ ᠪᠠᠶᠢᠭᠤᠯᠤᠭᠰᠠᠨ  ᠶᠤᠮ᠃
  ᠵᠠᠯᠠᠭᠤ ᠲᠠᠭᠤᠴᠢᠨ ᠬᠠᠶᠢᠷ᠎ᠠ ᠰᠤᠷᠪᠤᠯᠵᠢᠯᠠᠭ᠎ᠠ ᠬᠦᠯᠢᠶᠡᠬᠦ ᠳ᠋ᠡᠭᠡᠨ᠂ ᠲᠦᠷᠦᠵᠦ ᠦᠰᠭᠡᠭ᠍ᠰᠡᠨ ᠠᠪᠤ ᠡᠵᠢ᠂ ᠤᠷᠠᠯᠢᠭ ᠤᠨ ᠵᠠᠮ ᠳ᠋ᠤ ᠬᠦᠲᠦᠯᠵᠦ ᠡᠷᠲᠡᠮ ᠮᠡᠲᠡᠯᠭᠡ ᠪᠠᠨ ᠬᠠᠷᠠᠮ ᠦᠭᠡᠢ ᠵᠢᠭᠠᠵᠤ ᠰᠤᠷᠭᠠᠭᠰᠠᠨ ᠪᠠᠭᠰᠢᠨᠠᠷ᠂ ᠨᠤᠲᠤᠭ ᠤᠰᠤᠨ ᠤ ᠠᠬᠠᠮᠠᠳ ᠲᠤᠮᠤᠭᠠᠲᠠᠳ᠂ ᠨᠠᠶᠢᠵᠠ ᠨᠦᠬᠦᠳ ᠲᠠᠭᠤᠤ ᠶᠢᠨ ᠪᠠᠬᠠᠲᠠᠳ ᠲᠠᠭᠠᠨ ᠪᠠᠶᠠᠷᠯᠠᠵᠤ ᠪᠠᠶᠢᠨ᠎ᠠ᠂ ᠨᠡᠩ ᠢᠯᠡᠬᠦᠦ ᠬᠢᠴᠢᠶᠠᠨ ᠵᠢᠳᠬᠦᠵᠦ ᠰᠠᠶᠢᠬᠠᠨ ᠲᠠᠭᠤᠤ ᠤᠷᠠᠨ ᠪᠦᠲᠦᠭᠡᠯ ᠢᠶᠡᠨ ᠲᠠ ᠪᠦᠬᠦᠨ ᠳ᠋ᠡᠭᠡᠨ ᠲᠡᠪᠰᠢᠬᠦᠯᠬᠦ ᠪᠤᠯᠤᠨ᠎ᠠ ᠭᠡᠵᠡᠢ᠃

 
 
 

青年歌手海日《闰月金秋》唱响青城

最近,青年歌手海日首场个人演唱会在呼和浩特民族学院举行,海日用她柔美悠扬、悦耳动听的歌声温暖草原金秋、唱响了青城,深受内蒙古歌迷的喜爱。
  青年歌手海日是内蒙古锡林郭勒盟苏尼特右旗人,2012年考入蒙古国文化艺术大学长调专业,2017年6月毕业回祖国。2013年推出处女作单曲《那年秋天》,随后又推出《骆驼之歌》,她还给自己奶奶写了一首歌曲《敬爱的奶奶》,唱响内蒙古的草原戈壁、青山绿水,此外还传承民族文化艺术、经乌兰托嘎老师的同意,再度翻唱了经典曲目《濛濛细雨》深受听众的喜爱。
  以此之外,由都仁吉日嘎拉、海日、宝音那、孙达来等组成的乐队及其原创歌曲《相依的兄弟》2015年首次在网上播出,便喜得蒙古族各界人士的青睐。
    来源:内蒙古启言网编辑

 
Posted in ᠵᠤᠴᠢᠨ ᠬᠤᠢ᠌ᠮᠤᠷ| 每日嘉宾 and tagged .