ᠡᠨᠡ ᠵᠢᠯ ᠴᠠᠯᠢᠩ ᠬᠡᠳᠤᠢ ᠨᠡᠮᠡᠭᠳᠡᠬᠥ ᠪᠤᠯ ᠳ᠋ᠠ︖ 今年工资涨多少? 9省份发布2017年工资指导线

ᠡᠨᠡ ᠵᠢᠯ ᠴᠠᠯᠢᠩ ᠬᠡᠳᠤᠢ ᠨᠡᠮᠡᠭᠳᠡᠬᠥ ᠪᠤᠯ ᠳ᠋ᠠ︖ 9 ᠮᠤᠵᠢ 2017 ᠤᠨ ᠤ ᠴᠠᠯᠢᠩ ᠤᠨ ᠵᠢᠯᠤᠭᠤᠳᠬᠤ ᠱᠤᠭᠤᠮ ᠢ ᠨᠡᠢᠳᠡᠯᠡᠪᠡ

ᠲᠤᠮᠳᠠᠳᠤ ᠤᠯᠤᠰ ᠤᠨ ᠰᠤᠨᠢᠨ ᠮᠡᠳᠡᠭᠡᠨ ᠦ ᠰᠦᠯᠵᠢᠶ᠎ᠠ ᠵᠢᠨ ᠪᠡᠭᠡᠵᠢᠩ ᠦᠨ 8 ᠰᠠᠷ᠎ᠠ ᠵᠢᠨ 4 ᠦ ᠡᠳᠤᠷ ᠦᠨ ᠮᠡᠳᠡᠭᠡ ᠡᠨᠡ ᠵᠢᠯ ᠲᠠᠨ ᠤ ᠴᠠᠯᠢᠩ ᠨᠡᠮᠡᠭᠳᠡᠭᠰᠡᠨ ᠦᠦ ︖ ᠨᠡᠮᠡᠭᠳᠡᠭᠰᠡᠨ ᠦᠭᠡᠢ ᠪᠤᠯ 2017 ᠤᠨ ᠤ ᠠᠵᠤ ᠠᠬᠤᠢᠯᠠᠯ ᠤᠳ ᠴᠠᠯᠢᠩ ᠤᠳ ᠵᠢᠯᠤᠭᠤᠳᠬᠤ ᠱᠤᠭᠤᠮ ᠢ ᠨᠢᠭᠡᠴᠡ ᠳ᠋ᠡᠭᠡᠨ ᠦᠵᠡᠬᠥᠯᠵᠤ ᠪᠤᠯᠤᠨ᠎ᠠ ᠃ ᠰᠤᠷᠪᠤᠯᠵᠢᠯᠠᠭᠴᠢ ᠵᠢᠨ ᠦᠢᠯᠠᠭᠠᠭᠰᠠᠨ ᠵᠢᠡᠷ ᠂ ᠤᠳᠤ ᠨᠠᠭᠠᠳᠤ ᠵᠠᠬ᠎ᠠ ᠳ᠋ᠠᠭᠠᠨ 9 ᠮᠤᠵᠢ ᠤᠷᠤᠨ ᠬᠤᠳᠠ 2017  ᠤᠨ ᠤ ᠠᠵᠤ ᠠᠬᠤᠢᠯᠠᠯ ᠤᠨ ᠴᠠᠯᠢᠩ  ᠤᠨ ᠵᠢᠯᠤᠭᠤᠳᠬᠤ ᠱᠤᠭᠤᠮ ᠢ ᠨᠡᠢᠳᠡᠯᠡᠵᠤ ᠂ ᠠᠵᠤ ᠠᠬᠤᠢᠯᠠᠯ  ᠤᠨ ᠠᠵᠢᠯᠳᠠᠨ ᠠᠵᠢᠯᠴᠢᠨ ᠤ ᠢᠶᠠᠨ ᠴᠠᠯᠢᠩ ᠢ ᠲᠤᠬᠢᠷᠠᠭᠤᠯᠬᠤ ᠳ᠋ᠤ ᠵᠢᠯᠤᠭᠤᠳᠬᠤ ᠴᠢᠨᠠᠷᠳᠠᠢ ᠰᠠᠨᠠᠭᠤᠯᠭ᠎ᠠ ᠬᠠᠩᠭᠠᠪᠠ ᠃ 9 ᠮᠤᠵᠢ 2017 ᠤᠨ ᠤ ᠠᠵᠤ ᠠᠬᠤᠢᠯᠠᠯ ᠤᠳ ᠴᠠᠯᠢᠩ  ᠤᠨ ᠵᠢᠯᠤᠭᠤᠳᠬᠤ ᠱᠤᠭᠤᠮ ᠢ ᠨᠡᠢᠳᠡᠯᠡᠪᠡ

ᠦᠢᠷ᠎ᠠ ᠳ᠋ᠤ ᠂ ᠠᠨᠾᠦᠢ ᠂ ᠱᠠᠨᠰᠢ 2017 ᠤᠨ ᠤ ᠠᠵᠤ ᠠᠬᠤᠢᠯᠠᠯ  ᠤᠨ ᠴᠠᠯᠢᠩ ᠤᠨ ᠵᠢᠯᠤᠭᠤᠳᠬᠤ ᠱᠤᠭᠤᠮ ᠢ ᠨᠡᠢᠳᠡᠯᠡᠵᠠᠢ ᠂ ᠡᠬᠥᠨ ᠳ᠋ᠤ ᠠᠨᠾᠦᠢ ᠵᠢᠨ ᠠᠵᠤ ᠠᠬᠤᠢᠯᠠᠯ  ᠤᠨ ᠵᠤᠭᠤᠰᠤᠨ ᠴᠠᠯᠢᠩ ᠤᠳ ᠨᠡᠮᠡᠭᠳᠡᠯ ᠦᠨ ᠰᠠᠭᠤᠷᠢ ᠪᠠᠷᠢᠮᠵᠢᠶ᠎ᠠ ᠱᠤᠭᠤᠮ ᠨᠢ 7%᠂ ᠲᠡᠭᠡᠳᠤ ᠱᠤᠭᠤᠮ ᠨᠢ 11%᠂ ᠲᠤᠤᠷᠠᠳᠤ ᠱᠤᠭᠤᠮ  ᠨᠢ 3% ᠪᠤᠯᠤᠨ᠎ᠠ ︔ ᠱᠠᠨᠰᠢ ᠵᠢᠨ ᠠᠵᠤ ᠠᠬᠤᠢᠯᠠᠯ  ᠤᠨ ᠵᠤᠭᠤᠰᠤᠨ ᠴᠠᠯᠢᠩ ᠤᠳ ᠨᠡᠮᠡᠭᠳᠡᠯ ᠦᠨ ᠰᠠᠭᠤᠷᠢ ᠪᠠᠷᠢᠮᠵᠢᠶ᠎ᠠ ᠱᠤᠭᠤᠮ  ᠨᠢ 12%᠂ ᠲᠡᠭᠡᠳᠤ ᠱᠤᠭᠤᠮ  ᠨᠢ 7%᠂ ᠲᠤᠤᠷᠠᠳᠤ ᠱᠤᠭᠤᠮ ᠨᠢ 3% ᠪᠤᠯᠤᠨ᠎ᠠ ᠃

ᠦᠢᠯᠠᠭᠠᠭᠰᠠᠨ ᠵᠢᠡᠷ ᠂ ᠠᠵᠤ ᠠᠬᠤᠢᠯᠠᠯ  ᠤᠨᠴᠠᠯᠢᠩ ᠤᠳ ᠵᠢᠯᠤᠭᠤᠳᠬᠤ ᠱᠤᠭᠤᠮ ᠪᠤᠯ ᠵᠠᠰᠠᠬ  ᠤᠨ ᠤᠷᠳᠤᠨ ᠲᠤᠰ ᠵᠢᠯ ᠦᠨ ᠠᠵᠤ ᠠᠬᠤᠢ ᠵᠢᠨ ᠬᠥᠭᠵᠢᠯᠳᠡ ᠵᠢᠨ ᠲᠤᠬᠢᠷᠠᠭᠤᠯᠤᠯ ᠡᠵᠡᠮᠳᠡᠯ ᠦᠨ ᠬᠠᠷᠠᠯᠳᠠ ᠵᠢ ᠦᠨᠳᠤᠰᠤᠯᠡᠨ ᠂ ᠨᠡᠢᠭᠡᠮ ᠨᠡᠢᠳᠡ ᠳᠦ ᠨᠡᠢᠳᠡᠯᠡᠭᠰᠡᠨ ᠦ ᠴᠠᠯᠢᠩ  ᠤᠨ ᠨᠡᠮᠡᠭᠳᠡᠯ ᠦᠨ ᠬᠢᠷᠢ ᠲᠦᠪᠰᠢᠨ ᠦ ᠰᠠᠨᠠᠭᠤᠯᠭ᠎ᠠ ᠮᠦᠨ ᠂ ᠡᠨᠡ  ᠨᠢ ᠰᠠᠭᠤᠷᠢ ᠪᠠᠷᠢᠮᠵᠢᠶ᠎ᠠ ᠱᠤᠭᠤᠮ ᠂ ᠲᠡᠭᠡᠳᠤ ᠱᠤᠭᠤᠮ (ᠪᠠᠰᠠ ᠤᠷᠢᠳᠴᠢᠯᠠᠨ ᠰᠡᠷᠡᠮᠵᠢᠯᠡᠬᠥᠯᠬᠥ ᠱᠤᠭᠤᠮ ᠬᠡᠳᠡᠭ ) ᠪᠤᠯᠤᠨ ᠲᠤᠤᠷᠠᠳᠤ ᠱᠤᠭᠤᠮ ᠵᠢᠡᠷ ᠪᠦᠷᠢᠯᠳᠤᠨ᠎ᠠ ᠃

ᠲᠤᠮᠳᠠᠳᠤ ᠤᠯᠤᠰ ᠤᠨ ᠰᠤᠨᠢᠨ ᠮᠡᠳᠡᠭᠡᠨ ᠦ ᠰᠦᠯᠵᠢᠶ᠎ᠠ ᠵᠢᠨ ᠰᠤᠷᠪᠤᠯᠵᠢᠯᠠᠭᠴᠢ ᠵᠢᠨ ᠦᠢᠯᠠᠭᠠᠭᠰᠠᠨ ᠵᠢᠡᠷ ᠂ ᠤᠳᠤ 2017 ᠤᠨ ᠤ ᠠᠵᠤ ᠠᠬᠤᠢᠯᠠᠯ  ᠤᠨ ᠴᠠᠯᠢᠩ  ᠤᠨ ᠵᠢᠯᠤᠭᠤᠳᠬᠤ ᠱᠤᠭᠤᠮ ᠢ ᠨᠡᠢᠳᠡᠯᠡᠭᠰᠡᠨ ᠭᠠᠵᠠᠷ ᠤᠷᠤᠨ ᠳ᠋ᠤ ᠨᠠᠭᠠᠳᠤ ᠵᠠᠬ᠎ᠠ ᠳ᠋ᠠᠭᠠᠨ ᠪᠡᠭᠡᠵᠢᠩ ᠂ ᠲᠢᠶᠠᠨᠵᠢᠨ ᠂ ᠱᠠᠨᠳᠦᠩ ᠂ ᠱᠠᠨ ᠰᠢ ᠂ ᠾᠧᠨᠠᠨ ᠂ ᠱᠠᠨᠰᠢ ᠂ ᠠᠨᠾᠦᠢ ᠂ ᠬᠢᠷᠢᠨ ᠂ ᠦᠪᠤᠷ ᠮᠤᠩᠭᠤᠯ ᠵᠡᠷᠭᠡ 9 ᠮᠤᠵᠢ ᠤᠷᠤᠨ ᠬᠤᠳᠠ ᠪᠠᠢᠨ᠎ᠠ ᠃

ᠴᠠᠯᠢᠩ ᠤᠨ ᠵᠢᠯᠤᠭᠤᠳᠬᠤ ᠱᠤᠭᠤᠮ ᠦᠨ ᠶᠤᠰᠤᠭᠠᠷ ᠠᠯᠪᠠᠳᠠᠯᠭ᠎ᠠ ᠪᠠᠷ ᠨᠡᠮᠡᠭᠳᠡᠬᠥᠯᠤᠨ᠎ᠠ ᠤᠤ ︖

ᠡᠯ᠎ᠠ ᠭᠠᠵᠠᠷ ᠤᠨ ᠨᠡᠢᠳᠡᠯᠡᠭᠰᠡᠨ 2017 ᠤᠨ ᠤ ᠠᠵᠤ ᠠᠬᠤᠢᠯᠠᠯ ᠦᠨ ᠴᠠᠯᠢᠩ ᠦᠨ ᠵᠢᠯᠤᠭᠤᠳᠬᠤ ᠱᠤᠭᠤᠮ ᠦᠨ ᠮᠡᠳᠡᠭᠳᠡᠯ ᠳ᠋ᠤ ᠂ ᠠᠵᠤ ᠠᠬᠤᠢᠯᠠᠯ ᠦᠢᠯᠡᠳᠪᠤᠷᠢᠯᠡᠯ ᠡᠵᠡᠩᠨᠡᠯᠳᠡ ᠂ ᠠᠵᠤ ᠠᠬᠤᠢ ᠵᠢᠨ ᠦᠷ᠎ᠠ ᠠᠰᠢᠬ ᠪᠤᠯᠤᠨ ᠬᠥᠮᠤᠨ ᠦ ᠬᠦᠴᠤᠨ ᠦ ᠦᠪᠡᠷ ᠦᠨ ᠦᠷᠳᠡᠭ ᠦᠨ ᠪᠠᠢᠳᠠᠯ  ᠲᠠᠢ  ᠪᠠᠨ ᠤᠶᠠᠯᠳᠤᠭᠤᠯᠤᠨ ᠂ ᠴᠠᠯᠢᠩ ᠦᠨ ᠵᠢᠯᠤᠭᠤᠳᠬᠤ ᠱᠤᠭᠤᠮ ᠂ ᠬᠥᠮᠤᠨ ᠦ ᠬᠥᠴᠤᠨ ᠦ ᠡᠬᠢ ᠪᠠᠶᠠᠯᠢᠬ ᠦᠨ ᠵᠠᠬ᠎ᠠ ᠲᠡᠯᠭᠡᠬᠥᠷ ᠦᠨ ᠴᠠᠯᠢᠩ ᠦᠨ ᠵᠢᠯᠤᠭᠤᠳᠬᠤ ᠦᠨ᠎ᠠ ᠵᠢᠨ ᠲᠦᠪᠰᠢᠨ ᠪᠤᠯᠤᠨ ᠬᠥᠮᠤᠨ ᠦ ᠬᠥᠴᠤᠨ ᠦ ᠦᠪᠡᠷ ᠦᠨ ᠦᠷᠳᠡᠭ ᠦᠨ ᠮᠡᠳᠡᠭᠡ ᠵᠠᠩᠬᠢ ᠪᠠᠷ ᠯᠠᠪᠯᠠᠯᠳᠠ ᠪᠤᠯᠭᠠᠵᠤ ᠂ ᠲᠤᠰ ᠨᠢᠭᠡᠴᠡ ᠵᠢᠨ ᠵᠢᠡᠨ ᠴᠠᠯᠢᠩ ᠨᠡᠮᠡᠭᠳᠡᠬᠥᠯᠬᠥ ᠰᠢᠳᠪᠤᠷᠢᠳᠤ ᠪᠤᠳᠤᠯᠭ᠎ᠠ ᠵᠢ ᠰᠠᠢᠳᠤᠷ ᠲᠤᠭᠳᠠᠭᠠᠬᠤ ᠬᠡᠷᠡᠭᠳᠠᠢ ᠭᠡᠵᠤ ᠤᠯᠠᠨ ᠭᠠᠵᠠᠷ ᠤᠨ ᠬᠢᠨ ᠲᠤᠳᠤᠷᠬᠠᠢ ᠲᠤᠭᠳᠠᠭᠠᠪᠠ ᠃

ᠡᠬᠥᠨ ᠳ᠋ᠤ ᠂ ᠵᠠᠰᠠᠬ ᠦᠨ ᠤᠷᠳᠤᠨ ᠠᠴᠠ ᠠᠵᠤ ᠠᠬᠤᠢᠯᠠᠯ  ᠤᠨ ᠴᠠᠯᠢᠩ  ᠤᠨ ᠵᠢᠯᠤᠭᠤᠳᠬᠤ ᠱᠤᠭᠤᠮ ᠢ ᠨᠡᠢᠳᠡᠯᠡᠭᠰᠡᠨ 30 ᠡᠳᠤᠷ ᠦᠨ ᠲᠤᠳᠤᠷ᠎ᠠ ᠂ ᠠᠵᠤ ᠠᠬᠤᠢᠯᠠᠯ ᠠᠵᠢᠯᠳᠠᠨ ᠠᠵᠢᠯᠴᠢᠨ  ᠲᠠᠢ  ᠪᠠᠨ ᠴᠠᠯᠢᠩ ᠢ ᠬᠠᠮᠳᠤ  ᠪᠡᠷ ᠵᠦᠪᠳᠡᠯᠴᠠᠵᠤ ᠂ ᠴᠠᠯᠢᠩ ᠤᠨ ᠲᠤᠬᠢᠷᠠᠭᠤᠯᠤᠯᠳᠡ ᠵᠢᠨ ᠬᠡᠷᠡᠭᠵᠢᠬᠥᠯᠬᠥ ᠲᠦᠰᠤᠯ ᠢ ᠲᠤᠭᠳᠠᠭᠠᠬᠤ ᠵᠢᠨ ᠬᠠᠮᠳᠤ ᠬᠥᠮᠤᠨ ᠦ ᠬᠦᠴᠤᠨ ᠦ ᠡᠬᠢ ᠪᠠᠶᠠᠯᠢᠬ ᠪᠠ ᠨᠡᠢᠭᠡᠮ ᠦᠨ ᠪᠠᠳᠤᠯᠠᠭ᠎ᠠ ᠵᠢᠨ ᠰᠠᠯᠠᠭ᠎ᠠ ᠮᠦᠴᠢᠷ ᠲᠦ ᠲᠠᠩᠰᠠᠯᠠᠭᠤᠯᠬᠤ ᠬᠡᠷᠡᠭᠳᠠᠢ ᠭᠡᠵᠤ ᠱᠠᠨᠳᠦᠩ ᠮᠤᠵᠢ ᠲᠤᠷᠠᠳᠪᠠ ᠃

ᠲᠡᠭᠡᠪᠡᠯ ᠂ ᠴᠠᠯᠢᠩ ᠦᠨ ᠵᠢᠯᠤᠭᠤᠳᠬᠤ ᠱᠤᠭᠤᠮ ᠢ ᠨᠡᠢᠳᠡᠯᠡᠭᠰᠡᠨ  ᠨᠢ ᠠᠵᠤ ᠠᠬᠤᠢᠯᠠᠯ ᠢ ᠠᠯᠪᠠᠳᠠᠨ ᠱᠠᠭᠠᠷᠳᠠᠵᠤ ᠠᠵᠢᠯᠳᠠᠨ ᠠᠵᠢᠯᠴᠢᠨ ᠤ ᠴᠠᠯᠢᠩ ᠢ ᠨᠡᠮᠡᠭᠳᠡᠬᠥᠯᠬᠥ ᠤᠴᠢᠷ ᠮᠦᠨ ᠦᠦ ︖

ᠦᠨᠡᠨ ᠳ᠋ᠡᠭᠡᠨ ᠲᠠᠢᠮᠤ ᠪᠢᠰᠢ ᠶᠤᠮ ᠂ ᠴᠠᠯᠢᠩ ᠤᠳ ᠵᠢᠯᠤᠭᠤᠳᠬᠤ ᠱᠤᠭᠤᠮ ᠪᠤᠯ ᠵᠠᠰᠠᠬ  ᠤᠨ ᠤᠷᠳᠤᠨ  ᠡᠴᠡ ᠠᠵᠤ ᠠᠬᠤᠢᠯᠠᠯ ᠳ᠋ᠤ ᠨᠡᠢᠳᠡᠯᠡᠭᠰᠡᠨ   ᠴᠠᠯᠢᠩ ᠤᠨ ᠨᠡᠮᠡᠭᠳᠡᠯ ᠦᠨ ᠬᠢᠷᠢ ᠲᠦᠪᠰᠢᠨ ᠦ ᠰᠠᠨᠠᠭᠤᠯᠭ᠎ᠠ ᠮᠦᠨ ᠂ ᠡᠨᠡ ᠨᠢ ᠵᠢᠯᠤᠭᠤᠳᠬᠤ ᠴᠢᠨᠠᠷᠳᠠᠢ ᠮᠡᠳᠡᠭᠡ ᠵᠠᠩᠬᠢ ᠳ᠋ᠤ ᠬᠠᠷᠢᠶᠠᠯᠠᠭᠳᠠᠬᠤ ᠠᠴᠠ ᠪᠢᠰᠢ ᠠᠯᠪᠠᠳᠠᠯᠭ᠎ᠠ ᠵᠢᠨ ᠬᠢᠵᠠᠭᠠᠷᠯᠠᠬᠤ ᠬᠥᠴᠤᠨ ᠦᠭᠡᠢ ᠶᠤᠮ ᠂ ᠬᠡᠪᠡᠴᠤ ᠴᠠᠯᠢᠩ  ᠤᠨ ᠵᠢᠯᠤᠭᠤᠳᠬᠤ ᠱᠤᠭᠤᠮ ᠨᠢ ᠠᠵᠤ ᠠᠬᠤᠢᠯᠠᠯ ᠬᠢᠭᠡᠳ ᠠᠵᠢᠯᠳᠠᠨ ᠠᠵᠢᠯᠴᠢᠨ ᠤ ᠴᠠᠯᠢᠩ ᠢ ᠬᠠᠮᠳᠤ ᠪᠠᠷ ᠵᠦᠪᠳᠡᠯᠴᠡᠬᠥ ᠵᠢᠴᠢ ᠠᠵᠤ ᠠᠬᠤᠢᠯᠠᠯ  ᠤᠨ ᠦᠪᠡᠷ ᠵᠢᠡᠨ ᠴᠠᠯᠢᠩ  ᠤᠨ ᠨᠡᠮᠡᠭᠳᠡᠯ ᠦᠨ ᠬᠢᠷᠢ ᠲᠦᠪᠰᠢᠨ ᠢ ᠵᠤᠢ ᠵᠤᠬᠢᠰᠳᠠᠢ ᠲᠤᠭᠳᠠᠭᠠᠬᠤ ᠳ᠋ᠤ ᠯᠠᠪᠯᠠᠯᠳᠠ ᠪᠤᠯᠭᠠᠬᠤ ᠦᠨᠳᠤᠰᠤᠯᠡᠯ ᠬᠠᠩᠭᠠᠵᠤ ᠪᠤᠯᠤᠨ᠎ᠠ ᠃

ᠢᠷᠡᠯᠳᠡ ᠄ ᠠᠷᠠᠳ ᠤᠨ ᠰᠦᠯᠵᠢᠶ᠎ᠡ

今年工资涨多少? 9省份发布2017年工资指导线

今年你的工资涨了吗?没涨的话,可以把2017年企业工资指导线给你的单位。记者发现,目前至少已有9个省区市发布了2017年企业工资指导线,为企业给职工调整工资提供了指导性建议。

  近日,安徽、陕西发布2017年企业工资指导线,其中,安徽企业货币工资增长基准线为7%,上线为11%,下线为3%;陕西企业货币工资增长上线为12%,基准线为7%,下线为3%。
  据了解,企业工资指导线是政府根据当年经济发展调控目标,向社会发布的年度工资增长水平的建议,由基准线、上线(又称为预警线)和下线构成。
  中新网记者梳理发现,目前已经公布2017年企业工资指导线的地区至少有北京、天津、山东、山西、河南、陕西、安徽、吉林、内蒙古等9个省区市。

  工资要按指导线强制性上涨吗?
  在各地发布的2017年企业工资指导线通知中,多地明确,企业应结合生产经营、经济效益和人工成本情况,参照工资指导线、人力资源市场工资指导价位和人工成本信息,做好本单位增资决策。
  其中,山东提出,企业应在政府发布企业工资指导线30日内,与职工开展工资集体协商,制定工资调整实施方案,并向人力资源社会保障部门备案。
  那么,公布工资指导线,是强制要求企业给员工涨工资吗?事实上并非如此,工资指导线是政府向企业发布的年度工资增长水平的建议,属于指导性信息,并不具备强制约束力,但工资指导线可为企业与职工开展工资集体协商以及企业自身合理确定工资增长水平提供参考依据。

  

Posted in ᠲᠠᠨ ᠤ ᠠᠩᠬᠠᠷᠤᠯ ᠳ᠋ᠤ|热点关注 and tagged .