ᠴᠦᠬᠡᠨ ᠳᠤᠭᠠᠳᠤ ᠦᠨᠳᠦᠰᠦᠳᠡᠨ ᠤ ᠡᠮᠡᠭᠳᠡᠢ ᠺᠠᠳ᠋ᠷ ᠰᠤᠳᠤᠨ ᠦᠵᠡᠮᠵᠢ ᠪᠤᠯᠵᠠᠢ少数民族女干部成为一道亮丽风景线

ᠦᠪᠦᠷ ᠮᠤᠩᠭᠤᠯ ᠤᠨ ᠴᠦᠬᠡᠨ ᠳᠤᠭᠠᠳᠤ ᠦᠨᠳᠦᠰᠦᠳᠡᠨ ᠤ ᠡᠮᠡᠭᠳᠡᠢ ᠺᠠᠳ᠋ᠷ ᠰᠤᠳᠤᠨ ᠦᠵᠡᠮᠵᠢ ᠪᠤᠯᠵᠠᠢ

55 ᠨᠠᠰᠤᠳᠠᠢ ᠤᠯᠠᠭᠠᠨ ᠪᠤᠯ ᠦᠪᠦᠷ ᠮᠤᠩᠭᠤᠯ ᠤᠨ ᠮᠤᠩᠭᠤᠯ ᠬᠢᠳᠠᠳ ᠡᠮ ᠤᠨ ᠬᠠᠮᠢᠶᠠᠷᠤᠯᠳᠠ ᠶᠢᠨ ᠳᠤᠪᠴᠢᠶᠠᠨ ᠤ ᠳᠠᠷᠤᠭ᠎ᠠ᠂ ᠮᠦᠨ ᠴᠤ ᠤᠯᠠᠨ ᠤᠯᠤᠰ ᠤᠨ ᠬᠡᠮᠵᠢᠶᠡᠨ ᠳᠤ ᠬᠠᠮᠤᠭ ᠤᠨ ᠳᠤᠮᠤ ᠮᠤᠩᠭᠤᠯ ᠡᠮᠨᠡᠯᠬᠡ ᠪᠤᠯᠬᠤ ᠦᠪᠦᠷ ᠮᠤᠩᠭᠤᠯ ᠤᠨ ᠤᠯᠠᠨ ᠤᠯᠤᠰ ᠤᠨ ᠮᠤᠩᠭᠤᠯ ᠡᠮᠨᠡᠯᠬᠡ ᠶᠢᠨ ᠬᠤᠷᠢᠶᠠᠨ ᠤ ᠳᠠᠷᠤᠭ᠎ᠠ ᠪᠤᠯᠤᠨ᠎ᠠ᠃ ᠤᠯᠠᠮᠵᠢᠯᠠᠯᠳᠤ ᠮᠤᠩᠭᠤᠯ ᠡᠮ ᠡᠮᠨᠡᠯᠬᠡ ᠶᠢ ᠳᠡᠯᠡᠬᠡᠶᠢᠴᠢᠯᠡᠨ᠎ᠡ ᠬᠡᠳᠡᠭ ᠨᠢ ᠳᠡᠬᠦᠨ ᠤ ᠡᠴᠢᠨᠡᠨ ᠵᠢᠯ ᠤᠨ ᠳᠤᠷᠰᠢᠬᠢ ᠭᠠᠭᠴᠠ ᠬᠦᠰᠡᠯ ᠬᠦᠬᠡᠬᠡᠴᠡᠯᠳᠦᠯ ᠪᠤᠯᠵᠠᠢ᠃
 ᠨᠢᠬᠡᠨ ᠮᠤᠩᠭᠤᠯ ᠡᠮ ᠡᠮᠨᠡᠯᠬᠡ ᠶᠢᠨ ᠳᠠᠪᠤᠨ ᠵᠠᠰᠠᠯ ᠤᠨ ᠡᠮᠴᠢ ᠡᠴᠡ ᠳᠡᠳ᠋ ᠳᠢᠩᠬᠢᠮ ᠤᠨ ᠳᠡᠰ ᠤᠨ ᠺᠠᠳ᠋ᠷ ᠪᠤᠯᠳᠠᠯ᠎ᠠ ᠪᠡᠨ ᠤᠯᠠᠭᠠᠨ ᠶᠡᠷᠦ ᠨᠢ ᠮᠤᠩᠭᠤᠯ ᠡᠮ ᠡᠮᠨᠡᠯᠬᠡ ᠶᠢᠨ ᠬᠦᠭᠵᠢᠯᠳᠡ ᠶᠢ ᠤᠷᠢᠶᠠᠯᠠᠭᠰᠠᠭᠠᠷ ᠢᠷᠡᠪᠡ᠃ ᠳᠡᠷᠡ ᠨᠢᠬᠡ ᠳᠠᠯ᠎ᠠ ᠪᠡᠷ ᠮᠤᠩᠭᠤᠯ ᠡᠮ ᠤᠨ ᠦᠢᠯᠡᠳᠪᠦᠷᠢ ᠪᠤᠯᠤᠨ ᠮᠤᠩᠭᠤᠯ ᠡᠮ ᠨᠠᠶᠢᠷᠠᠬᠤ ᠳᠠᠰᠤᠭ ᠤᠨ ᠬᠦᠭᠵᠢᠯᠳᠡ ᠳᠤ ᠬᠦᠴᠦᠯᠡᠵᠤ᠂ ᠮᠤᠩᠭᠤᠯ ᠡᠮ ᠢ ᠰᠢᠨ᠎ᠡ ᠪᠡᠷ ᠰᠤᠳᠤᠯᠤᠨ ᠪᠦᠳᠦᠬᠡᠬᠦ ᠪᠠ ᠮᠤᠩᠭᠤᠯ ᠡᠮ ᠤᠨ ᠪᠠᠷᠢᠮᠵᠢᠶᠠᠵᠢᠭᠰᠠᠨ ᠪᠠᠶᠢᠭᠤᠯᠤᠯᠳᠠ ᠶᠢ ᠠᠩᠬᠠᠷᠴᠤ᠂ ᠨᠦᠬᠦᠬᠡ ᠳᠠᠯ᠎ᠠ ᠪᠡᠷ ᠮᠤᠩᠭᠤᠯ ᠡᠮᠨᠡᠯᠬᠡ ᠶᠢᠨ ᠡᠮᠴᠢᠯᠡᠬᠡᠨ ᠤ ᠬᠦᠭᠵᠢᠯᠳᠡ ᠳᠤ ᠬᠦᠴᠦᠯᠡᠵᠤ᠂ ᠮᠤᠩᠭᠤᠯ ᠡᠮᠨᠡᠯᠬᠡ ᠶᠢᠨ ᠵᠠᠰᠠᠯ ᠢᠶᠡᠷ ᠨᠡᠩ ᠤᠯᠠᠨ ᠬᠦᠴᠢᠷ ᠪᠤᠳᠤᠯᠢᠶᠠᠨᠳᠠᠢ ᠡᠪᠡᠳᠴᠢᠨ ᠡᠮᠬᠡᠭ ᠢ ᠵᠠᠰᠠᠬᠤ ᠳᠤ ᠦᠢᠯᠡᠴᠢᠯᠡᠬᠦᠯᠵᠡᠢ᠃ ᠨᠢᠬᠡ ᠤᠳᠠᠭ᠎ᠠ᠂ ᠨᠢᠬᠡᠳᠦᠭᠰᠡᠨ ᠦᠨᠳᠦᠰᠦᠨ ᠤ ᠪᠠᠶᠢᠭᠤᠯᠤᠯᠭ᠎ᠠ ᠶᠢᠨ ᠳᠤᠰᠬᠠᠢ ᠮᠡᠷᠬᠡᠵᠢᠯᠳᠡᠨ ᠦᠪᠦᠷ ᠮᠤᠩᠭᠤᠯ ᠳᠤ ᠪᠠᠶᠢᠴᠠᠭᠠᠨ ᠰᠤᠳᠤᠯᠵᠤ ᠬᠡᠳᠦᠨ ᠮᠤᠩᠭᠤᠯ ᠡᠮᠨᠡᠯᠬᠡ ᠪᠡᠷ ᠬᠦᠷᠬᠦ ᠳᠤ᠂ ᠠᠮᠧᠷᠢᠺᠡ ᠳᠤ ᠳᠦᠮᠡᠨ ᠳᠦᠬᠦᠷᠢᠭ᠌ ᠡᠴᠡ ᠳᠡᠬᠡᠭᠰᠢ ᠳᠦᠯᠦᠪᠦᠷᠢ ᠬᠢᠵᠤ ᠵᠠᠰᠠᠬᠤ ᠬᠦᠵᠦᠬᠦᠦ ᠰᠡᠬᠡᠷ ᠤᠨ ᠡᠪᠡᠳᠴᠢᠨ ᠢ ᠳᠡᠷᠡ ᠭᠠᠭᠴᠠ ᠰᠢᠷᠬᠡᠭ ᠮᠦᠩᠬᠦᠨ ᠵᠡᠬᠦᠦ ᠪᠡᠷ ᠵᠠᠰᠠᠵᠤ ᠡᠳᠡᠬᠡᠷᠡᠬᠦᠯᠦᠬᠡᠳ ᠬᠦᠮᠦᠰ ᠢ ᠭᠠᠶᠢᠬᠠᠰᠢ ᠠᠯᠳᠠᠭᠤᠯᠵᠠᠢ᠃
 ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠪᠠᠶᠢᠭᠤᠯᠤᠭᠳᠠᠭᠰᠠᠨ 70 ᠵᠢᠯ ᠤᠨ ᠳᠤᠷᠰᠢ᠂ ᠴᠦᠬᠡᠨ ᠳᠤᠭᠠᠳᠤ ᠦᠨᠳᠦᠰᠦᠳᠡᠨ ᠤ ᠡᠮᠡᠭᠳᠡᠢ ᠺᠠᠳ᠋ᠷ ᠠᠩᠬ᠎ᠠ ᠡᠬᠢᠯᠡᠬᠡᠳ ᠳ᠋ᠠᠩ ᠳᠤᠭ᠎ᠠ ᠪᠡᠷ ᠳᠤᠭᠠᠯᠠᠭᠳᠠᠵᠤ ᠪᠠᠶᠢᠭᠰᠠᠨ ᠢᠶᠡᠨ ᠤᠳᠤ 25152 ᠪᠤᠯᠵᠤ᠂ ᠪᠦᠬᠦ ᠺᠠᠳ᠋ᠷᠴᠤᠳ ᠤᠨ 12.2% ᠢ ᠡᠵᠡᠯᠡᠬᠦ ᠪᠤᠯᠪᠠ᠃ ᠤᠯᠠᠭᠠᠨ ᠰᠢᠬ ᠴᠦᠬᠡᠨ ᠳᠤᠭᠠᠳᠤ ᠦᠨᠳᠦᠰᠦᠳᠡᠨ ᠤ ᠮᠠᠰᠢ ᠤᠯᠠᠨ ᠳᠤᠭᠠᠨ ᠤ ᠡᠮᠡᠭᠳᠡᠢ ᠺᠠᠳ᠋ᠷ ᠦᠪᠡᠷᠰᠡᠳ ᠤᠨ ᠤᠨᠴᠠᠯᠢᠭ ᠪᠤᠯᠤᠨ ᠳᠠᠪᠠᠭᠤᠯᠢᠭ ᠲᠠᠭᠠᠨ ᠳᠦᠰᠢᠭᠯᠡᠨ ᠦᠪᠦᠷ ᠮᠤᠩᠭᠤᠯ ᠤᠨ ᠤᠯᠤᠰ ᠳᠦᠷᠦ᠂ ᠡᠳ᠋ ᠤᠨ ᠵᠠᠰᠠᠭ ᠪᠤᠯᠤᠨ ᠨᠡᠶᠢᠬᠡᠮ ᠤᠨ ᠬᠠᠮᠢᠶᠠᠷᠤᠯᠳᠠ ᠵᠡᠷᠬᠡ ᠤᠳᠤᠷᠢᠳᠬᠤ ᠪᠠᠶᠢᠷᠢᠨ ᠳᠤ ᠳᠤᠳᠤᠷᠠᠵᠤ᠂ ᠺᠠᠳ᠋ᠷᠴᠤᠳ ᠤᠨ ᠡᠩᠨᠡᠬᠡᠨ ᠤ ᠨᠢᠬᠡᠨ ᠰᠤᠳᠤᠨ ᠦᠵᠡᠮᠵᠢ ᠪᠤᠯᠵᠤ ᠪᠤᠢ᠃
 ᠤᠯᠠᠮᠵᠢᠯᠠᠯ ᠳᠡᠬᠡᠷ᠎ᠡ ᠮᠤᠩᠭᠤᠯ ᠪᠦᠰᠡᠬᠦᠶᠢᠴᠤᠳ ᠨᠢᠬᠡ ᠬᠡᠮᠵᠢᠶᠡᠨ ᠤ ᠨᠡᠶᠢᠬᠡᠮ ᠤᠨ ᠪᠠᠶᠢᠷᠢ ᠰᠠᠭᠤᠷᠢ ᠲᠠᠢ ᠪᠠᠶᠢᠳᠠᠭ᠃ ᠬᠡᠪᠡᠴᠤ ᠦᠷᠬᠡᠨ ᠬᠡᠮᠵᠢᠶ᠎ᠡ ᠪᠡᠷ ᠵᠠᠰᠠᠭ ᠲᠤ ᠤᠷᠤᠯᠴᠠᠵᠤ ᠵᠠᠰᠠᠭ ᠤᠨ ᠠᠵᠢᠯ ᠢ ᠵᠦᠪᠯᠡᠬᠦ ᠪᠤᠯᠤᠭᠰᠠᠨ ᠨᠢ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠳᠠᠷᠠᠭᠠᠬᠢ ᠬᠤᠪᠢᠷᠠᠯᠳᠠ ᠪᠠᠶᠢᠯ᠎ᠠ᠃ ᠦᠨᠦᠳᠦᠷ᠂ ᠭᠠᠴᠠᠭᠠᠨ ᠤ ᠨᠠᠮ ᠤᠨ ᠡᠬᠦᠷ ᠤᠨ ᠱᠦᠵᠢ ᠡᠴᠡ ᠡᠬᠢᠯᠡᠬᠡᠳ ᠬᠤᠰᠢᠭᠤ ᠵᠠᠰᠠᠭ ᠤᠨ ᠭᠤᠤᠯ ᠤᠳᠤᠷᠢᠳᠬᠤ ᠬᠦᠮᠦᠰ ᠲᠤ ᠬᠦᠷᠳᠡᠯ᠎ᠡ᠂ ᠠᠯᠪᠠᠨ ᠪᠠᠶᠢᠭᠤᠯᠤᠯᠭ᠎ᠠ ᠶᠢᠨ ᠠᠯᠢ ᠨᠢᠬᠡᠨ ᠬᠡᠯᠳᠡᠰ ᠤᠨ ᠳᠤᠯᠭᠠᠭᠤᠷᠢ ᠬᠦᠴᠦᠨ ᠡᠴᠡ ᠤᠷᠤᠨ ᠨᠤᠳᠤᠭ ᠤᠨ ᠳᠤᠯᠤᠭᠠᠶᠢᠯᠠᠭᠴᠢ ᠬᠦᠷᠳᠡᠯ᠎ᠡ᠂ ᠦᠷᠬᠡᠨ ᠠᠭᠤᠳᠠᠮ ᠳᠠᠯ᠎ᠠ ᠨᠤᠳᠤᠭ ᠡᠴᠡ ᠳᠦᠷᠦ ᠵᠠᠰᠠᠭ ᠤᠨ ᠶᠠᠮᠤᠨ ᠬᠦᠷᠳᠡᠯ᠎ᠡ ᠨᠢᠬᠡᠨᠳᠡ ᠦᠪᠦᠷ ᠮᠤᠩᠭᠤᠯ ᠤᠨ ᠴᠦᠬᠡᠨ ᠳᠤᠭᠠᠳᠤ ᠦᠨᠳᠦᠰᠦᠳᠡᠨ ᠤ ᠨᠢᠬᠡ ᠪᠦᠯᠦᠭ ᠰᠢᠯᠢᠳᠡᠭ ᠡᠮᠡᠭᠳᠡᠢ ᠺᠠᠳ᠋ᠷ ᠴᠢᠬᠤᠯᠠ ᠤᠳᠤᠷᠢᠳᠬᠤ ᠪᠠᠶᠢᠷᠢᠨ ᠤ ᠨᠢᠷᠤᠭᠤᠪᠴᠢ᠂ ᠦᠨᠳᠦᠰᠦᠨ ᠱᠠᠳᠤᠨ ᠤ ᠠᠵᠢᠯ ᠤᠨ ᠹᠷᠤᠨᠲ ᠤᠨ ᠬᠤᠰᠢᠭᠤᠴᠢ ᠪᠠᠶᠢᠭᠰᠠᠨ ᠡᠴᠡ ᠪᠡᠨ ᠭᠤᠤᠯᠯᠠᠬᠤ ᠬᠦᠴᠦᠨ ᠪᠤᠯᠵᠤ ᠡᠯ᠎ᠡ ᠠᠵᠢᠯ ᠦᠢᠯᠡᠰ ᠤᠨ ᠰᠠᠯᠪᠤᠷᠢ ᠳᠤ ᠤᠳᠤ ᠰᠤᠳᠤ ᠪᠤᠯᠤᠨ ᠬᠢᠯᠠᠯᠵᠠᠬᠤ ᠪᠤᠯᠪᠠ᠃
 ᠡᠨᠡ ᠵᠢᠯ ᠤᠨ ᠤᠯᠤᠰ ᠲᠠᠶᠠᠭᠠᠷ ᠤᠨ ᠬᠤᠶᠠᠷ ᠬᠤᠷᠠᠯ ᠢᠶᠡᠷ ᠪᠦᠬᠦ ᠤᠯᠤᠰ  ᠤᠨ ᠠᠷᠠᠳ ᠤᠨ ᠳᠦᠯᠦᠬᠡᠯᠡᠭᠴᠢᠳ ᠤᠨ ᠶᠡᠬᠡ ᠬᠤᠷᠠᠯ ᠤᠨ ᠳᠦᠯᠦᠬᠡᠯᠡᠭᠴᠢ᠂ ᠰᠢᠯᠢ ᠶᠢᠨ ᠭᠤᠤᠯ ᠠᠶᠢᠮᠠᠭ ᠤᠨ ᠨᠢᠬᠡᠨ ᠭᠠᠴᠠᠭᠠᠨ ᠤ ᠳᠠᠷᠤᠭ᠎ᠠ ᠡᠷᠳᠡᠨᠢᠬᠡᠷᠡᠯ ᠮᠤᠩᠭᠤᠯ ᠬᠤᠪᠴᠠᠰᠤ ᠵᠠᠰᠠᠯ ᠢᠶᠡᠷ ᠢᠶᠡᠨ ᠭᠤᠶᠤᠯᠠᠨ ᠨᠢᠭᠤᠷ ᠳᠦᠬᠦᠷᠡᠩ ᠢᠨᠢᠶᠡᠳᠦ ᠪᠢᠯᠬᠠᠭᠤᠯᠵᠤ᠂ ᠢᠳᠡᠬᠡᠯ ᠲᠡᠭᠦᠯᠳᠡᠷ ᠢᠶᠡᠷ ᠳᠦᠷᠦ ᠶᠢᠨ ᠤᠳᠤᠷᠢᠳᠬᠤ ᠬᠦᠮᠦᠰ ᠲᠤ ᠮᠤᠩᠭᠤᠯ ᠢᠶᠡᠷ ᠬᠢᠴᠢᠶᠡᠯᠯᠡᠭᠰᠡᠨ ᠮᠠᠯᠴᠢᠨ ᠳᠠᠷᠢᠶᠠᠴᠢᠨ ᠤ ᠬᠡᠤᠬᠡᠳ ᠳᠡᠬᠦᠦᠨᠡᠷ ᠤᠨ ᠠᠵᠢᠯ ᠤᠨ ᠪᠠᠶᠢᠷᠢ ᠶᠢ ᠨᠡᠮᠡᠭᠳᠡᠬᠦᠯᠬᠦ ᠳᠤᠬᠠᠢ ᠰᠠᠨᠠᠯ ᠳᠤᠷᠠᠳᠤᠯᠭ᠎ᠠ ᠪᠡᠨ ᠳᠡᠪᠰᠢᠬᠦᠯᠵᠡᠢ᠃
  ᠢᠷᠡᠯᠳᠡ᠄ ᠰᠢᠨᠬᠤᠧᠠ ᠬᠤᠷᠢᠶ᠎ᠠ

 

内蒙古少数民族女干部成为一道亮丽风景线

55岁的乌兰是内蒙古蒙中医药管理局局长,是国际上最大的蒙医医院——内蒙古国际蒙医医院的院长,推动传统蒙医药走向国际化是她多年来一直追求的目标。
 从一名蒙医五疗专业的医生成长为一名副厅级干部,乌兰多年来一直为蒙医药发展鼓与呼。她一手抓蒙药厂和蒙药制剂室发展,推动蒙药新药研发和蒙药标准化建设,一手抓蒙医诊疗发展,使蒙医疗术在更多疑难杂症中发挥作用。有一次,联合国专家在考察内蒙古的几所蒙医院时,她用一根银针将美国需要花费万元以上的一名患者的肩周炎治好了,看得人目瞪口呆。
 内蒙古自治区成立70年来,少数民族女干部的数量从最初的个位数发展到现在的25152人,占干部总数的12.2%。像乌兰一样的众多少数民族女干部,凭借各自的特长与优势,走上内蒙古政治、经济和社会管理等领导岗位,成为干部队伍中一道亮丽的风景线。
 传统上,蒙古族女性享有一定的社会地位,但广泛参政议政却是新中国给她们带来的变化。今天,从嘎查村支部书记到旗县区主要领导,从机关部门骨干到地区党政一把手,从广袤草原到国家部委,已有一大批优秀的内蒙古少数民族女干部在重要领导岗位上当主官挑大梁,在基层工作一线当先锋成为主心骨,在各行各业中显身手展宏图。
 内蒙古少数民族女干部发挥自身语言、性格等优势,在文化、宣传、教育、卫生、人事等方面展示才干。蒙古族女干部牧兰曾任内蒙古直属乌兰牧骑艺术团团长,带领演员们研究和探索长调、短调等唱法,不仅带着文化下乡,满足偏远农牧民的精神文化需要,还学习外语,把蒙古族歌曲带到亚非欧美国家。
  来源: 新华社

 
Posted in ᠪᠦᠰᠡᠭᠦᠢ᠌ᠴᠦᠤᠯ ᠤᠨ ᠬᠠᠨᠢ|女性世界 and tagged .