ᠠᠩᠬᠠᠳᠤᠭᠠᠷ ᠬᠤᠭᠤᠴᠠᠭᠠᠨ ᠤ《ᠠᠰᠤᠷᠤ》ᠨᠡᠷᠡᠮᠵᠢᠲᠦ ᠴᠠᠬᠠᠷ ᠠᠷᠠᠳ ᠤᠨ ᠲᠠᠭᠤᠤ ··关于举办首届“阿斯尔杯”察哈尔民歌大赛的通知

ᠨᠠᠶ᠋ᠮᠠᠨ ᠮᠤᠵᠢ ᠤᠷᠤᠨ ᠤ ᠠᠩᠬᠠᠳᠤᠭᠠᠷ ᠬᠤᠭᠤᠴᠠᠭᠠᠨ ᠤ《ᠠᠰᠤᠷᠤ》 ᠨᠡᠷᠡᠮᠵᠢᠲᠦ ᠴᠠᠬᠠᠷ ᠠᠷᠠᠳ ᠤᠨ ᠲᠠᠭᠤᠤ ᠶᠢᠨ ᠤᠷᠤᠯᠳᠤᠭᠠᠨ ᠶᠠᠪᠤᠭᠳᠠᠭᠤᠯᠬᠤ ᠮᠡᠳᠡᠭᠳᠡᠯ

ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠤᠨ ᠠᠮᠵᠢᠯᠳᠠ ᠲᠠᠢ ᠬᠤᠷᠠᠯᠳᠤᠬᠤ ᠶᠢ ᠤᠭᠳᠤᠬᠤ ᠪᠠ ᠥᠪᠡᠷᠲᠡᠭᠡᠨ ᠵᠠᠰᠠᠬᠤ ᠣᠷᠣᠨ ᠪᠠᠶᠢᠭᠤᠯᠤᠭᠳᠠᠭᠰᠠᠨ ᠳᠠᠯᠠᠨ ᠵᠢᠯ ᠤᠨ ᠣᠢ ᠶᠢ ᠪᠡᠯᠭᠡᠯᠡᠬᠦ ᠶᠢᠨ ᠲᠤᠯᠠᠳᠠ᠂ ᠥᠪᠡᠷᠮᠢᠴᠡ ᠰᠣᠶᠣᠯ ᠤᠨ ᠭᠠᠶᠢᠬᠠᠮᠰᠢᠭ ᠢ ᠢᠯᠡᠷᠡᠭᠦᠯᠦᠭᠰᠡᠨ ᠨᠠᠶ᠋ᠮᠠᠨ ᠮᠤᠵᠢ ᠤᠷᠤᠨ ᠤ ᠠᠩᠬᠠᠳᠣᠭᠠᠷ ᠬᠤᠭᠤᠴᠠᠭᠠᠨ ᠤ 《ᠠᠰᠤᠷᠤ》 ᠨᠡᠷᠡᠮᠵᠢᠳᠦ ᠴᠠᠬᠠᠷ ᠠᠷᠠᠳ ᠤᠨ ᠲᠠᠭᠤᠤ ᠶᠢᠨ ᠤᠷᠤᠯᠳᠤᠭᠠᠨ ᠢ ᠶᠠᠪᠤᠭᠳᠠᠭᠤᠯᠬᠤ ᠪᠠᠷ ᠪᠠᠶᠢᠨ᠎ᠠ᠃
    ᠠᠭᠤᠯᠭ᠎ᠠ᠄
  ᠤᠷᠤᠯᠳᠤᠭᠠᠨ ᠳᠤ ᠣᠷᠣᠯᠴᠠᠬᠤ ᠳᠠᠭᠤᠤ ᠨᠢ ᠡᠷᠬᠡᠪᠰᠢ ᠣᠳᠣᠬᠠᠨ ᠪᠣᠯᠲᠠᠯ᠎ᠠ ᠣᠯᠠᠮᠵᠢᠯᠠᠭᠳᠠᠨ ᠳᠠᠭᠤᠯᠠᠭᠳᠠᠵᠤ ᠪᠠᠶᠢᠭ᠎ᠠ ᠴᠠᠬᠠᠷ ᠠᠷᠠᠳ ᠤᠨ ᠳᠠᠭᠤᠤ ᠪᠠᠶᠢᠬᠤ ᠬᠡᠷᠡᠭᠲᠡᠢ᠃
ᠵᠤᠬᠢᠶᠠᠨ ᠪᠠᠶᠢᠭᠤᠯᠬᠤ ᠨᠢᠭᠡᠴᠡ᠄
  1. ᠰᠠᠨᠠᠭᠠᠴᠢᠯᠠᠭᠰᠠᠨ ᠨᠢ᠄ ᠨᠠᠶ᠋ᠮᠠᠨ ᠮᠤᠵᠢ ᠣᠷᠣᠨ ᠤ ᠮᠤᠩᠭᠤᠯ ᠭᠡᠯᠡ ᠪᠢᠴᠢᠭ᠌ ᠤᠨ ᠬᠠᠮᠵᠢᠯᠴᠠᠬᠤ ᠲᠤᠭᠤᠶᠢᠯᠠᠩ ᠤᠨ ᠠᠯᠪᠠᠨ ᠭᠡᠷ᠂ ᠦᠪᠡᠷᠳᠡᠭᠡᠨ ᠵᠠᠰᠠᠬᠤ ᠤᠷᠤᠨ ᠤ ᠲᠠᠭᠤᠤ ᠭᠦᠭᠵᠢᠮᠴᠢᠳ ᠤᠨ ᠨᠠᠶᠢᠭᠡᠮᠯᠢᠭ᠂ ᠰᠢᠯᠢ ᠶᠢᠨ ᠭᠤᠤᠯ ᠠᠶᠢᠮᠠᠭ ᠤᠨ ᠦᠨᠳᠦᠰᠦᠳᠡᠨ ᠱᠠᠰᠢᠨ ᠰᠣᠷᠳᠠᠬᠤᠨ ᠤ ᠭᠡᠷᠡᠭ ᠡᠷᠭᠢᠯᠡᠭᠦ ᠲᠤᠪᠴᠢᠶ᠎ᠠ᠂ ᠬᠦᠪᠡᠭᠡᠲᠦ ᠰᠢᠷ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ
  ᠵᠤᠬᠢᠶᠠᠨ ᠪᠠᠶᠢᠭᠤᠯᠬᠤ ᠨᠢᠭᠡᠴᠡ᠄ ᠬᠦᠪᠡᠭᠡᠲᠦ ᠰᠢᠷ᠎ᠠ ᠬᠤᠰᠢᠭᠤᠨ ᠤ ᠨᠠᠮ ᠤᠨ ᠬᠤᠷᠢᠶᠠᠨ ᠤ ᠤᠬᠠᠭᠤᠯᠬᠤ ᠭᠡᠯᠲᠡᠰ᠂ ᠬᠦᠪᠡᠭᠡᠲᠦ ᠰᠢᠷ᠎ᠠ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭ᠎ᠠ᠂ ᠬᠦᠪᠡᠭᠡᠲᠦ ᠰᠢᠷ᠎ᠠ ᠬᠤᠰᠢᠭᠤᠨ ᠤ ᠰᠣᠶᠣᠯ ᠲᠠᠮᠢᠷ ᠷᠠᠳᠢᠣ᠋ ᠲᠧᠯᠸᠢᠰ ᠵᠢᠭᠤᠯᠴᠢᠯᠠᠯ ᠤᠨ ᠳᠣᠪᠴᠢᠶ᠎ᠠ
  2. ᠨᠤᠭᠤᠯᠤᠭ᠎ᠠ ᠤᠷᠤᠯᠳᠤᠭᠠᠨ ᠪᠠ ᠰᠢᠢᠳᠪᠤᠷᠢᠳᠦ ᠤᠷᠤᠯᠳᠤᠭᠠᠨ ᠤ ᠴᠠᠭ᠄ 2017 ᠣᠨ ᠤ 7 ᠰᠠᠷ᠎ᠠ ᠶᠢᠨ 18 ᠤ ᠡᠳᠦᠷ
  3. ᠨᠤᠭᠤᠯᠤᠭ᠎ᠠ ᠤᠷᠤᠯᠳᠤᠭᠠᠨ ᠪᠠ ᠰᠢᠢᠳᠪᠤᠷᠢᠳᠦ ᠤᠷᠤᠯᠳᠤᠭᠠᠨ ᠤ ᠶᠠᠪᠤᠭᠳᠠᠭᠤᠯᠬᠤ ᠭᠠᠵᠠᠷ᠄ ᠬᠦᠪᠡᠭᠡᠲᠦ ᠰᠢᠷ᠎ᠠ ᠬᠤᠰᠢᠭᠤᠨ ᠤ ᠰᠢᠨᠡᠪᠤᠯᠠᠭ ᠪᠠᠯᠭᠠᠰᠤ
    ᠱᠠᠭᠠᠷᠳᠠᠯᠭ᠎ᠠ᠄
  1. ᠤᠷᠤᠯᠳᠤᠭᠠᠨ ᠳᠤ ᠣᠷᠣᠯᠴᠠᠬᠤ ᠳᠠᠭᠤᠴᠢᠳ ᠢ ᠴᠠᠬᠠᠷ ᠨᠤᠲᠤᠭ ᠲᠠᠶᠠᠭᠠᠷ ᠤᠯᠠᠮᠵᠢᠯᠠᠭᠳᠠᠨ ᠲᠠᠷᠬᠠᠭᠰᠠᠨ ᠴᠠᠬᠠᠷ ᠠᠷᠠᠳ ᠤᠨ ᠳᠠᠭᠤᠤ ᠲᠠᠭᠤᠯᠠᠬᠤ ᠶᠢ ᠱᠠᠭᠠᠷᠳᠠᠵᠦ᠂ ᠡᠮᠬᠢᠳᠭᠡᠨ ᠲᠡᠭᠦᠪᠦᠷᠢᠯᠡᠭᠳᠡᠭᠰᠡᠨ ᠴᠠᠬᠠᠷ ᠠᠷᠠᠳ ᠤᠨ ᠳᠠᠭᠤᠤ ᠨᠤᠭᠤᠳ ᠠᠴᠠ ᠰᠣᠩᠭᠤᠨ ᠲᠠᠭᠤᠯᠠᠭᠰᠠᠨ ᠴᠦ ᠪᠣᠯᠣᠨ᠎ᠠ᠃
  2. ᠭᠠᠭᠴᠠ ᠬᠦᠮᠦᠨ ᠤ ᠳᠠᠭᠤᠤ (ᠭᠤᠴᠤᠯᠠᠯ ᠲᠠᠭᠤᠤ) ᠪᠠᠶᠢᠬᠤ ᠬᠡᠷᠡᠭᠲᠡᠢ᠃ ᠳᠠᠭᠤᠯᠠᠬᠤ ᠠᠷᠭ᠎ᠠ ᠪᠠᠷᠢᠯ ᠢ ᠬᠢᠵᠠᠭᠠᠷᠯᠠᠬᠤ ᠦᠭᠡᠢ᠃
  3. ᠳᠠᠭᠤᠤ ᠶᠢ ᠲᠠᠪᠤᠨ ᠮᠢᠨᠦ᠋ᠲ ᠢᠶᠠᠷ ᠬᠢᠵᠠᠭᠠᠷᠯᠠᠨ᠎ᠠ᠃ ᠨᠡᠷ᠎ᠡ ᠮᠡᠳᠡᠭᠦᠯᠬᠦ ᠴᠠᠭ ᠢ ᠤᠳᠣ ᠠᠴᠠ 2017 ᠤᠨ ᠤ 7 ᠰᠠᠷ᠎ᠠ ᠶᠢᠨ 7 ᠤ ᠡᠳᠦᠷ ᠭᠦᠷᠳᠡᠯ᠎ᠡ ᠬᠢᠵᠠᠭᠠᠷᠯᠠᠨ᠎ᠠ᠃
  4. ᠲᠤᠰ ᠤᠳᠠᠭᠠᠨ ᠤ ᠤᠷᠤᠯᠳᠤᠭᠠᠨ ᠢ ᠮᠡᠷᠭᠡᠵᠢᠯ ᠤᠨ ᠲᠤᠭᠤᠶᠢᠯᠠᠩ (ᠡᠯ᠎ᠡ ᠱᠠᠳᠣᠨ ᠤ ᠤᠷᠠᠯᠢᠭ ᠤᠨ ᠪᠦᠯᠬᠦᠮ ᠪᠤᠶᠤ ᠤᠯᠠᠭᠠᠨᠮᠦ᠋ᠴᠢᠷ ᠤᠨ ᠲᠣᠭᠯᠠᠭᠴᠢ᠂ ᠶᠡᠭᠡ ᠳᠡᠭᠡᠳᠦ ᠰᠤᠷᠭᠠᠭᠤᠯᠢ ᠶᠢᠨ ᠣᠷᠠᠯᠢᠭ ᠤᠨ ᠮᠡᠷᠭᠡᠵᠢᠯ ᠤᠨ ᠤᠶᠤᠳᠠᠳ ᠪᠤᠯᠤᠨ ᠮᠡᠷᠭᠡᠵᠢᠯ ᠤᠨ ᠲᠠᠭᠤᠴᠢᠳ ᠢ ᠪᠠᠭᠳᠠᠭᠠᠨ᠎ᠠ) ᠪᠠ ᠮᠡᠷᠭᠡᠵᠢᠯ ᠤᠨ ᠪᠤᠰᠤ ᠲᠤᠭᠤᠶᠢᠯᠠᠩ (ᠮᠠᠯᠴᠢᠨ ᠲᠠᠷᠢᠶᠠᠴᠢᠳ ᠪᠣᠯᠣᠨ ᠠᠵᠢᠯ ᠤᠨ ᠴᠢᠯᠦᠭᠡᠨ ᠤ ᠤᠷᠠᠯᠢᠭ ᠤᠨ ᠲᠤᠷ᠎ᠠ ᠪᠠᠭ᠋ᠠᠳᠠᠳ ᠢ ᠪᠠᠭᠳᠠᠭᠠᠨ᠎ᠠ) ᠭᠡᠵᠦ ᠬᠤᠶᠠᠷ ᠲᠤᠭᠤᠶᠢᠯᠠᠩ ᠬᠤᠪᠢᠶᠠᠵᠦ ᠶᠠᠪᠤᠭᠳᠠᠭᠤᠯᠤᠨ᠎ᠠ᠃
  5. ᠤᠷᠤᠯᠳᠤᠭᠠᠨ ᠳᠤ ᠣᠷᠣᠯᠴᠠᠬᠤ ᠳᠠᠭᠤᠴᠢᠳ ᠨᠢ ᠠᠳᠠᠯᠢ ᠪᠤᠰᠤ ᠶᠢᠨ ᠠᠭᠤᠯᠭ᠎ᠠ ᠲᠠᠢ ᠴᠠᠬᠠᠷ ᠠᠷᠠᠳ ᠤᠨ ᠬᠤᠶᠠᠷ ᠳᠠᠭᠤᠤ ᠶᠢ ᠰᠢᠩᠭᠡᠭᠡᠵᠦ᠂ CD ᠪᠤᠶᠤ MP3 ᠶ᠋ᠢᠨ ᠵᠠᠭᠪᠤᠷ ᠢᠶᠠᠷ᠂ ᠰᠢᠤᠳᠠᠨ ᠪᠤᠶᠤ ᠡᠯᠧᠺᠲ᠋ᠷᠦᠨ ᠭᠤᠪᠢᠭᠤᠯᠭ᠎ᠠ ᠪᠠᠷ ᠨᠡᠷ᠎ᠡ ᠪᠠᠨ ᠮᠡᠳᠡᠭᠦᠯᠦᠨ᠎ᠡ᠃ ᠨᠡᠷ᠎ᠡ ᠮᠡᠳᠡᠭᠦᠯᠭᠦ ᠳᠤ ᠬᠠᠶ᠊ᠢᠭ᠂ ᠪᠡᠶ᠎ᠡ ᠶᠢᠨ ᠦᠨᠡᠮᠯᠡᠯ ᠤᠨ ᠬᠠᠭᠤᠯᠪᠤᠷᠢ᠂ ᠬᠠᠷᠢᠯᠴᠠᠬᠤ ᠤᠳᠠᠰᠣ ᠪᠠᠨ ᠲᠤᠳᠤᠷᠬᠠᠶᠢᠯᠠᠬᠤ ᠭᠡᠷᠡᠭᠳᠠᠢ᠃
  6. ᠲᠤᠰ ᠤᠷᠤᠯᠳᠤᠭᠠᠨ ᠢ ᠤᠯᠤᠰ ᠲᠠᠶᠠᠭᠠᠷ ᠤᠨ ᠬᠡᠪᠴᠢᠶᠡᠨ ᠳᠤ ᠬᠠᠨᠳᠤᠭᠤᠯᠬᠤ ᠪᠦᠭᠡᠳ ᠮᠤᠩᠭᠤᠯ ᠬᠡᠯᠡ ᠪᠠᠷ ᠲᠠᠭᠤᠯᠠᠬᠤ ᠪᠠᠷ ᠪᠠᠷᠢᠮᠵᠢᠶ᠎ᠠ ᠪᠣᠯᠭᠠᠨ᠎ᠠ᠃
  7. ᠤᠷᠤᠯᠳᠤᠭᠠᠨ ᠤ ᠬᠤᠭᠤᠴᠠᠭᠠᠨ ᠳᠠᠬᠢ ᠲᠠᠭᠤᠴᠢᠳ ᠤᠨ ᠬᠤᠨᠤᠭ ᠤᠨ ᠵᠠᠷᠣᠳᠠᠯ ᠢ ᠵᠤᠬᠢᠶᠠᠨ ᠪᠠᠶᠢᠭᠤᠯᠤᠭᠰᠠᠨ ᠨᠢᠭᠡᠴᠡ ᠠᠴᠠ ᠲᠤᠭᠢᠷᠠᠭᠤᠯᠵᠦ᠂ ᠵᠠᠮ ᠤᠨ ᠵᠠᠷᠤᠳᠠᠯ ᠢᠶᠠᠨ ᠥᠪᠡᠷ ᠲᠡᠭᠡᠨ ᠬᠠᠷᠢᠭᠤᠴᠠᠨ᠎ᠠ᠃
  8. ᠤᠷᠤᠯᠳᠤᠭᠠᠨ ᠳᠤ ᠣᠷᠣᠯᠴᠠᠬᠤ ᠳᠠᠭᠤᠴᠢᠳ ᠢᠷᠡᠵᠦ ᠪᠤᠴᠠᠬᠤ ᠵᠠᠮ ᠤᠨ ᠠᠮᠤᠷ ᠲᠦᠪᠰᠢᠨ ᠪᠠ ᠤᠷᠤᠯᠳᠤᠭᠠᠨ ᠤ ᠬᠤᠭᠤᠴᠠᠭᠠᠨ ᠳᠠᠬᠢ ᠪᠠᠶ᠎ᠡ ᠶᠢᠨ ᠠᠮᠤᠷ ᠲᠦᠪᠰᠢᠨ ᠤ ᠠᠰᠠᠭᠤᠳᠠᠯ ᠢᠶᠠᠨ ᠦᠪᠡᠷ ᠲᠡᠭᠡᠨ ᠬᠠᠷᠢᠭᠤᠴᠠᠨ᠎ᠠ᠃
  9. ᠬᠦᠪᠡᠭᠡᠲᠦ ᠰᠢᠷ᠎ᠠ ᠬᠤᠰᠢᠭᠤᠨ ᠤ ᠠᠯᠪᠠᠨ ᠭᠡᠷᠡᠴᠢᠯᠡᠯ ᠤᠨ ᠭᠠᠵᠠᠷ ᠠᠴᠠ ᠤᠷᠤᠯᠳᠤᠭᠠᠨ ᠤ ᠪᠦᠬᠦ᠋ᠢᠯᠡ ᠶᠠᠪᠤᠴᠠ ᠶᠢ ᠬᠢᠨᠠᠵᠤ ᠠᠯᠪᠠᠨ ᠭᠡᠷᠡᠴᠢᠯᠡᠯ ᠭᠢᠨ᠎ᠡ᠃
  10. ᠰᠠᠨᠠᠭᠠᠴᠢᠯᠠᠭᠰᠠᠨ ᠨᠢᠭᠡᠴᠡ ᠶᠠᠮᠠᠷ ᠴᠦ ᠳᠦᠯᠦᠪᠦᠷᠢ ᠠᠪᠬᠤ ᠦᠭᠡᠢ᠃
  11. ᠤᠷᠤᠯᠳᠤᠭᠠᠨ ᠳᠤ ᠨᠠᠷ᠎ᠠ ᠮᠡᠳᠡᠭᠦᠯᠭᠦ ᠲᠠᠭᠤᠴᠢᠳ ᠪᠦᠭᠦᠯᠢ 18 ᠨᠠᠰᠣ ᠭᠦᠷᠦᠭᠰᠡᠨ ᠪᠠᠶᠢᠬᠤ ᠶᠢ ᠱᠠᠭᠠᠷᠳᠠᠨ᠎ᠠ᠃ (1999 ᠤᠨ ᠤ 7 ᠰᠠᠷ᠎ᠠ ᠶᠢᠨ 1 ᠤ ᠡᠳᠦᠷ ᠠᠴᠠ ᠡᠮᠦᠨᠡᠭᠢ ᠪᠠᠷ ᠭᠢᠵᠠᠭᠠᠷᠯᠠᠨ᠎ᠠ᠃)
    ᠱᠠᠩᠨᠠᠯ ᠤᠯᠭᠤᠬᠤ᠄
  ᠠᠩᠬᠠᠨ ᠤ ᠤᠷᠤᠯᠳᠤᠭᠠᠨ ᠤ ᠬᠢᠨᠠᠭᠴᠢᠳ ᠠᠴᠠ ᠢᠯᠡ᠂ ᠡᠷᠭᠡ ᠲᠡᠭᠰᠢ᠂ ᠦᠷᠢᠰᠦᠯᠳᠦᠭᠡᠨ ᠢᠶᠠᠷ᠂ ᠳᠤᠭᠤᠶᠢᠯᠠᠩ ᠪᠦᠷᠢ ᠳᠤ 20 ᠳᠠᠭᠤᠤ ᠰᠣᠩᠭᠤᠨ ᠦᠯᠡᠳᠡᠭᠡᠵᠦ᠂ ᠨᠤᠭᠤᠯᠤᠭ᠎ᠠ ᠤᠷᠤᠯᠳᠤᠭᠠᠨ ᠳᠤ ᠲᠡᠪᠰᠢᠭᠦᠯᠦᠨ᠎ᠡ᠃ (ᠭᠤᠤᠯᠯᠠᠨ ᠡᠷᠬᠢᠯᠡᠵᠦ ᠪᠠᠶᠢᠭ᠎ᠠ ᠨᠢᠭᠡᠴᠡ ᠠᠴᠠ ᠬᠤᠪᠢ ᠬᠦᠮᠦᠨ ᠳᠤ ᠨᠢ ᠮᠡᠳᠡᠭᠳᠡᠨ᠎ᠡ᠃) ᠨᠤᠭᠤᠯᠤᠭ᠎ᠠ ᠤᠷᠤᠯᠳᠤᠭᠠᠨ ᠤ ᠭᠢᠨᠠᠭᠴᠢᠳ ᠠᠴᠠ ᠢᠯᠡ᠂ ᠡᠷᠭᠡ ᠲᠡᠭᠰᠢ᠂ ᠦᠷᠢᠰᠦᠯᠳᠦᠭᠡᠨ ᠢᠶᠠᠷ᠂ ᠳᠤᠭᠤᠶᠢᠯᠠᠩ ᠪᠦᠷᠢ ᠳᠤ 12 ᠳᠠᠭᠤᠤ ᠰᠢᠯᠭᠠᠷᠠᠭᠤᠯᠤᠨ ᠰᠢᠢᠳᠪᠦᠷᠢᠲᠦ ᠤᠷᠤᠯᠳᠤᠭᠠᠨ ᠳᠤ ᠲᠡᠪᠰᠢᠭᠦᠯᠦᠨ᠎ᠡ᠃ ᠨᠤᠭᠤᠯᠤᠭ᠎ᠠ ᠤᠷᠤᠯᠳᠤᠭᠠᠨ ᠪᠠ ᠰᠢᠢᠳᠪᠦᠷᠢᠲᠦ ᠤᠷᠤᠯᠳᠤᠭᠠᠨ ᠤ ᠬᠠᠪᠰᠣᠷᠣᠯ ᠬᠥᠭᠵᠢᠮ ᠢ ᠤᠷᠤᠯᠳᠤᠭᠠᠨ ᠳᠤ ᠣᠷᠣᠯᠴᠠᠭᠴᠢ ᠦᠪᠡᠷᠲᠡᠭᠡᠨ ᠪᠡᠯᠡᠳᠭᠡᠨ᠎ᠡ᠂ ᠭᠤᠣᠯᠯᠠᠨ ᠡᠷᠬᠢᠯᠡᠵᠦ ᠪᠠᠶᠢᠭ᠎ᠠ ᠨᠢᠭᠡᠴᠡ ᠠᠴᠠ ᠬᠠᠪᠰᠣᠷᠣᠯ ᠬᠥᠭᠵᠢᠮ ᠬᠠᠩᠭᠠᠬᠤ ᠶᠢ ᠬᠠᠷᠢᠭᠤᠴᠠᠬᠤ ᠦᠭᠡᠢ᠃ ᠲᠤᠰ ᠤᠳᠠᠭᠠᠨ ᠤ ᠤᠷᠤᠯᠳᠤᠭᠠᠨ ᠳᠤ ᠲᠤᠳᠤᠷᠠᠭᠰᠠᠨ ᠨᠢᠭᠡᠳᠤᠭᠡᠷ ᠲᠡᠰ ᠲᠤ 1 ᠤᠷᠤᠯᠴᠠᠭᠴᠢ 10000 ᠲᠦᠭᠦᠷᠢᠭ᠂ ᠬᠤᠶᠠᠳᠤᠭᠠᠷ ᠲᠠᠰ ᠲᠤ 2 ᠤᠷᠤᠯᠴᠠᠭᠴᠢ ᠲᠤᠰ ᠪᠦᠷᠢ 5000 ᠲᠦᠭᠦᠷᠢᠭ᠂ ᠭᠤᠷᠪᠠᠳᠤᠭᠠᠷ ᠲᠠᠰ ᠲᠤ 3 ᠤᠷᠤᠯᠴᠠᠭᠴᠢ ᠲᠤᠰ ᠪᠦᠷᠢ 3000 ᠲᠦᠭᠦᠷᠢᠭ᠂ ᠰᠢᠯᠢᠳᠡᠭ ᠲᠡᠰ ᠲᠤ 6 ᠤᠷᠤᠯᠴᠠᠭᠴᠢ ᠲᠤᠰ ᠪᠦᠷᠢ 1000 ᠲᠥᠭᠦᠷᠢᠭ ᠢᠶᠠᠷ ᠱᠠᠩᠨᠠᠬᠤ ᠶᠢᠨ ᠬᠠᠮᠲᠤ ᠢᠷᠠᠭᠤ ᠠᠯᠳᠠᠷ ᠤᠨ ᠦᠨᠡᠮᠯᠡᠯ ᠣᠯᠭᠤᠨ᠎ᠠ᠃
    ᠨᠡᠷ᠎ᠡ ᠮᠡᠳᠡᠭᠦᠯᠬᠦ᠄
  1. ᠰᠢᠤᠳᠠᠨ ᠢᠶᠠᠷ ᠪᠦᠷᠢᠳᠬᠡᠬᠦᠯᠬᠦ ᠬᠠᠶ᠊ᠢᠭ᠄ ᠦᠪᠤᠷ ᠮᠤᠩᠭᠤᠯ ᠤᠨ ᠬᠦᠪᠡᠭᠡᠲᠦ ᠰᠢᠷ᠎ᠠ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠣᠭ᠎ᠠ᠂ ᠰᠢᠤᠳᠠᠨ ᠳ᠋ᠤᠭᠠᠷ᠄ 013250
  2. ᠢᠮᠧᠯ ᠬᠠᠶ᠊ᠢᠭ᠄ WLJIMS@163.com
  ᠬᠤᠯᠪᠤᠭ᠎ᠠ ᠪᠠᠷᠢᠬᠤ ᠬᠦᠮᠦᠨ᠄ ᠪᠦᠷᠢᠨᠲᠡᠭᠦᠰ᠄ 13947950219 ᠮᠦᠳᠠᠨ᠄ 15047915989
  ᠨᠠᠢᠮᠠᠨ ᠮᠤᠵᠢ ᠤᠷᠤᠨ ᠤ ᠠᠩᠬᠠᠳᠤᠭᠠᠷ ᠬᠤᠭᠤᠴᠠᠭᠠᠨ ᠤ 《ᠠᠰᠤᠷᠤ》
  ᠨᠡᠷᠡᠮᠵᠢᠲᠦ ᠴᠠᠬᠠᠷ ᠠᠷᠠᠳ ᠤᠨ ᠲᠠᠭᠤᠤ ᠶᠢᠨ ᠤᠷᠤᠯᠳᠤᠭᠠᠨ ᠤ ᠵᠦᠪᠯᠡᠯ
   ᠢᠷᠡᠯᠳᠡ᠄ ᠰᠢᠨᠬᠤᠧᠠ ᠮᠤᠩᠭ᠋ᠤᠯ ᠨᠧᠲ

 

关于举办八省区首届“阿斯尔杯”察哈尔民歌大赛的通知

为迎接党的十九大胜利召开,庆祝内蒙古自治区成立70周年,内蒙古锡林郭勒盟将于7月份在镶黄旗举办“察哈尔蒙古民歌”比赛活动。现将具体事宜通告如下:
  一、报名要求:自即日起至2017年7月18日截止。热爱察哈尔蒙古民歌的业余选手,均可报名参赛;所选歌曲必须为察哈尔蒙古民歌,要求参赛歌手穿着民族服装;大赛不收取报名费。
  二、报名方式:选手到镶黄旗报名参加初赛。也可以采取网络视频报名方式参加。 邮编:013250邮箱地址:WLJIMS@163.com。 联系人:布仁特古色13947950219 牡丹15047915989。
  三、比赛及奖项设置:大赛分初赛、复赛和决赛三个阶段进行。初赛于报名时间截止后开始;复赛、决赛于7月份中下旬在镶黄旗所在地举行。比赛设一等奖1名,二等奖2名,三等奖3名,优秀奖24名;由大赛组委会颁发奖杯、荣誉证书和奖金。
  来源:锡盟镶黄旗微信

 
Posted in ᠰᠤᠶᠤᠯ ᠤᠷᠠᠯᠢᠭ |文化信息 and tagged .