ᠠᠭᠤᠯᠠ ᠵᠢᠨ ᠮᠤᠩᠭᠤᠯ ᠠᠢᠯ 山上蒙古人家

ᠠᠭᠤᠯᠠ ᠵᠢᠨ ᠮᠤᠩᠭᠤᠯ ᠠᠢᠯ

ᠤᠯᠠᠭᠠᠨᠪᠠᠭᠠᠲᠤᠷ ᠲᠤ ᠬᠦᠷᠦᠭᠡᠳ ᠪᠢᠳᠡ ᠲᠡᠭᠦᠷᠭᠡ ᠵᠢᠨ ᠬᠢᠨᠢ ᠠᠭᠤᠯᠠ ᠵᠢᠨ ᠤᠷᠤᠢ ᠪᠠᠷ ᠶᠡᠬᠡ ᠤᠯᠠᠨ ᠮᠤᠩᠭᠤᠯ ᠭᠡᠷ᠂ ᠮᠤᠳᠤᠨ ᠪᠠᠢᠰᠢᠩ᠂ ᠰᠢᠪᠠᠷ ᠪᠠᠢᠰᠢᠩ ᠢ ᠬᠠᠷᠠᠭᠰᠠᠨ᠃ ᠬᠤᠲᠠ ᠤᠷᠤᠭᠰᠠᠨ ᠮᠠᠯᠴᠢᠳ ᠲᠡᠨᠳᠡ ᠰᠠᠭᠤᠳᠠᠭ ᠬᠡᠮᠡᠨ ᠲᠤᠬᠠᠢ ᠵᠢᠨ ᠭᠠᠵᠠᠷ ᠤᠨ ᠬᠢᠨ ᠶᠠᠷᠢᠵᠦ ᠪᠠᠢᠭᠰᠠᠨ ᠶᠤᠮ᠃ ᠪᠢᠳᠡ ᠤᠯᠠᠭᠠᠨᠪᠠᠭᠠᠲᠤᠷ ᠠᠴᠠ ᠪᠠᠷᠠᠭᠤᠨ ᠬᠤᠢᠰᠢ 10 ᠺᠢᠯᠤᠮᠧᠲ᠋ᠷ ᠵᠠᠢᠳᠠᠢ ᠰᠠᠭᠤᠳᠠᠭ ᠨᠢᠭᠡᠨ ᠠᠭᠤᠯᠠ ᠵᠢᠨ ᠮᠤᠩᠭᠤᠯ ᠠᠢᠯ ᠢ ᠰᠤᠷᠪᠤᠯᠵᠢᠯᠠᠭᠰᠠᠨ ᠪᠢᠯᠡ᠃
  ᠡᠳᠡᠨ ᠦ ᠬᠢ ᠠᠮᠠ ᠪᠦᠯᠢ ᠳᠦᠷᠪᠡᠬᠦᠯᠡ᠂ ᠡᠷ᠎ᠡ ᠡᠮ᠎ᠡ ᠬᠤᠶᠠᠭᠤᠯᠠ ᠪᠠᠨ ᠨᠢᠭᠡ ᠠᠵᠦ ᠠᠬᠤᠢᠯᠠᠯ ᠳ᠋ᠤ ᠬᠠᠷ᠎ᠠ ᠪᠤᠷᠤ ᠠᠵᠢᠯ ᠬᠢᠳᠡᠭ ᠪᠠᠢᠵᠦ᠂ ᠲᠤᠮᠤ ᠬᠦᠦ ᠨᠢ ᠪᠠᠷᠢᠯᠭ᠎ᠠ ᠵᠢᠨ ᠤᠷᠠᠯᠠᠯ ᠲᠦᠰᠦᠪᠯᠡᠯ ᠤᠨ ᠮᠡᠷᠭᠡᠵᠢᠯ ᠵᠢᠠᠷ ᠰᠤᠷᠳᠠᠭ ᠪᠦᠭᠡᠳ ᠲᠠᠷᠠᠭ᠎ᠠ ᠵᠢᠯ ᠶᠠᠫᠤᠨ ᠳ᠋ᠤ ᠰᠤᠷᠬᠤ ᠪᠠᠷ ᠶᠠᠪᠤᠬᠤ ᠶᠤᠮ ᠭᠡᠨ᠎ᠡ᠃ ᠪᠠᠭ᠎ᠠ ᠬᠦᠦ ᠨᠢ ᠲᠡᠭᠡᠳᠦ ᠵᠡᠷᠭᠡ ᠵᠢᠨ ᠲᠤᠮᠳᠠᠳᠤ ᠰᠤᠷᠭᠠᠭᠤᠯᠢ ᠵᠢᠨ ᠨᠢᠭᠡᠳᠦᠭᠡᠷ  ᠤᠨ ᠳ᠋ᠤ ᠰᠤᠷᠳᠠᠭ ᠪᠠᠢᠨ᠎ᠠ᠃ 15 ᠵᠢᠯ ᠥᠨ ᠡᠮᠦᠨ᠎ᠡ ᠬᠤᠶᠠᠷ ᠬᠡᠤᠬᠡᠳ ᠲᠤ ᠪᠡᠨ ᠨᠡᠩ ᠰᠠᠢᠨ ᠰᠤᠷᠭᠠᠨ ᠬᠦᠮᠦᠵᠢᠯ ᠬᠦᠷᠳᠡᠭᠡᠬᠦ ᠵᠢᠨ ᠲᠦᠯᠦᠭᠡ ᠡᠳᠡᠨ  ᠦ ᠬᠢ ᠦᠪᠦᠷᠬᠠᠩᠭᠠᠢ ᠠᠢᠮᠠᠭ ᠠᠴᠠ ᠤᠯᠠᠭᠠᠨᠪᠠᠭᠠᠲᠤᠷ ᠲᠤ ᠨᠡᠬᠦᠵᠦ ᠢᠷᠡᠭᠰᠡᠨ ᠪᠠᠢᠵᠠᠢ᠃ᠤᠯᠠᠭᠠᠨᠪᠠᠭᠠᠲᠤᠷ ᠲᠤ ᠨᠡᠬᠦᠵᠦ ᠢᠷᠡᠭᠰᠡᠨ ᠮᠠᠯᠴᠢᠨ ᠨᠢᠭᠡᠪᠦᠷᠢ ᠴᠦᠮ 0.75 ᠡᠾᠧᠺᠲ᠋ᠠᠷ  ᠤᠨ ᠪᠠᠳᠤᠯᠠᠭ᠎ᠠ ᠵᠢᠨ ᠴᠢᠨᠠᠷᠲᠠᠢ ᠭᠠᠵᠠᠷ ᠰᠢᠷᠤᠢ ᠤᠯᠵᠦ ᠪᠤᠯᠤᠨ᠎ᠠ ᠭᠡᠮᠡᠨ ᠮᠤᠩᠭᠤᠯ ᠤᠯᠤᠰ  ᠤᠨ ᠬᠠᠤᠯᠢ ᠳ᠋ᠤ ᠲᠤᠭᠳᠠᠭᠠᠭᠰᠠᠨ ᠠᠵᠢ᠃ ᠲᠡᠭᠡᠭᠡᠳ ᠡᠳᠡᠨ ᠦ ᠬᠢ ᠵᠠᠰᠠᠭ ᠥᠨ ᠤᠷᠳᠤᠨ ᠠᠴᠠ ᠤᠯᠭᠤᠭᠰᠠᠨ ᠭᠠᠵᠠᠷ ᠰᠢᠷᠤᠢ ᠲᠡᠭᠡᠷ᠎ᠡ ᠭᠡᠷ ᠵᠢᠠᠨ ᠪᠣᠰᠬᠠᠵᠦ ᠬᠤᠲᠠ ᠵᠢᠨ ᠠᠮᠢᠳᠤᠷᠠᠯ ᠵᠢᠠᠨ ᠡᠬᠢᠯᠡᠬᠦᠯᠵᠡᠢ᠃
  ᠰᠤᠷᠪᠤᠯᠵᠢᠯᠠᠵᠦ ᠪᠠᠢᠬᠤ ᠳ᠋ᠤ ᠡᠵᠡᠭᠳᠡᠢ ᠪᠦᠰᠡᠬᠦᠢ ᠪᠡᠷ ᠮᠠᠨ ᠳ᠋ᠤ᠄ ᠬᠤᠶᠠᠷ ᠵᠢᠯ  ᠤᠨ ᠲᠠᠷᠠᠭ᠎ᠠ ᠡᠨᠳᠡ ᠬᠡᠤᠬᠡᠳ  ᠤᠨ ᠴᠡᠴᠡᠷᠯᠢᠭ ᠵᠡᠷᠭᠡ ᠪᠠᠢᠭᠤᠯᠬᠤ ᠪᠦᠭᠡᠳ ᠨᠡᠬᠦᠭᠰᠡᠨ ᠠᠢᠯ ᠤᠳ ᠪᠦᠷ ᠠᠰᠠᠷ ᠪᠠᠢᠰᠢᠩ ᠤᠯᠬᠤ ᠪᠤᠯᠤᠨ᠎ᠠ ᠭᠡᠵᠦ ᠶᠠᠷᠢᠵᠦ ᠪᠠᠢᠪᠠ᠃ ᠭᠡᠬᠦ ᠳ᠋ᠤ ᠪᠠᠨ ᠡᠳᠡᠨ ᠦ ᠬᠢ ᠡᠨᠳᠡ ᠡᠴᠡ ᠪᠡᠨ ᠵᠢᠭᠠᠬᠠᠨ ᠬᠤᠯᠠ ᠨᠢᠭᠡ ᠬᠡᠰᠡᠭ ᠭᠠᠵᠠᠷ ᠤᠯᠤᠭᠰᠠᠨ ᠮᠦᠷᠳᠡᠭᠡᠨ ᠲᠡᠷᠡ ᠭᠠᠵᠠᠷ ᠨᠢ ᠵᠠᠰᠠᠭ ᠤᠨ ᠤᠷᠳᠤᠨ ᠠᠴᠠ ᠤᠯᠭᠤᠭᠰᠠᠨ ᠦᠨᠡᠮᠯᠡᠬᠦ ᠲᠡᠢ ᠲᠤᠯᠠ ᠴᠠᠭᠠᠳᠤ ᠵᠢᠯ ᠪᠤᠯᠬᠤ ᠪᠠᠷ ᠲᠡᠷᠡ ᠭᠠᠵᠠᠷ ᠲᠤ ᠨᠡᠬᠦᠵᠦ ᠠᠮᠢᠳᠤᠷᠠᠬᠤ ᠶᠤᠮ ᠭᠡᠨ᠎ᠡ᠃
  ᠤᠯᠠᠭᠠᠨᠪᠠᠭᠠᠲᠤᠷ ᠲᠤ ᠠᠭᠤᠯᠠᠨ ᠲᠡᠭᠡᠷ᠎ᠡ ᠠᠮᠢᠳᠤᠷᠠᠳᠠᠭ ᠬᠦᠮᠦᠰ ᠤᠯᠠᠨ ᠪᠠᠢᠭᠰᠠᠭᠠᠷ ᠪᠦᠭᠡᠳ ᠪᠠᠷᠤᠭ ᠬᠦᠮᠦᠨ ᠠᠮᠠ ᠵᠢᠨ ᠬᠢᠨᠢ ᠭᠤᠷᠪᠠᠨ  ᠦ ᠨᠢᠭᠡ ᠵᠢ ᠡᠵᠡᠯᠡᠳᠡᠭ ᠠᠵᠢ᠃ ᠬᠡᠳᠦᠨ ᠠᠷᠪᠠᠨ ᠲᠦᠮᠡ ᠪᠡᠷ ᠲᠤᠭᠠᠯᠠᠭᠳᠠᠬᠤ ᠲᠡᠳᠡᠭᠡᠷ ᠬᠦᠮᠦᠰ ᠤᠯᠠᠭᠠᠨᠪᠠᠭᠠᠲᠤᠷ ᠤᠨ ᠲᠡᠬᠦᠷᠭᠡ ᠨᠤᠭᠦᠳ ᠤᠨ ᠠᠭᠤᠯᠠᠨ ᠲᠡᠭᠡᠷ᠎ᠡ ᠭᠡᠷ ᠵᠢᠠᠨ ᠪᠠᠷᠢᠵᠦ᠂ ᠠᠭᠤᠯᠠ ᠵᠢᠨ ᠮᠤᠩᠭᠤᠯ ᠠᠢᠯ ᠤᠨ ᠨᠡᠢᠭᠡᠮ ᠲᠤᠭᠤᠷᠢᠭ ᠢ ᠪᠦᠷᠢᠳᠦᠬᠦᠯᠦᠭᠰᠡᠨ ᠪᠠᠢᠨ᠎ᠠ᠃
  ᠡᠨᠡ ᠨᠡᠢᠭᠡᠮ ᠲᠤᠭᠤᠷᠢᠭ ᠨᠢ ᠮᠤᠩᠭᠤᠯ ᠤᠨ ᠬᠤᠲᠠᠴᠢᠯᠠᠯᠳᠠ ᠵᠢᠨ ᠨᠢᠭᠡᠨ ᠲᠤᠰᠬᠠᠯ ᠶᠤᠮ᠃ ᠦᠨᠡᠨ ᠳ᠋ᠤ ᠪᠠᠨ ᠲᠡᠯᠡᠬᠡᠢ ᠵᠢᠨ ᠤᠯᠠᠨ ᠤᠯᠤᠰ ᠡᠳᠦᠭᠡ ᠪᠦᠷ ᠬᠤᠲᠠᠴᠢᠯᠠᠯᠳᠠ ᠳᠦᠷᠭᠡᠳᠴᠦ ᠪᠠᠢᠭ᠎ᠠ ᠠᠰᠠᠭᠤᠳᠠᠯ ᠳ᠋ᠤ ᠲᠤᠯᠭᠠᠷᠠᠵᠦ ᠪᠤᠢ᠃ ᠲᠤᠮᠤ ᠬᠤᠳᠠᠳ ᠭᠡᠳᠡᠭ ᠨᠢ ᠲᠡᠷᠢᠬᠦᠨ ᠦ ᠰᠤᠷᠭᠠᠨ ᠬᠦᠮᠦᠵᠢᠯ ᠤᠨ ᠡᠬᠢ ᠪᠠᠶᠠᠯᠢᠭ᠂ ᠰᠢᠯᠢᠳᠡᠭ ᠰᠠᠢᠨ ᠡᠮᠨᠡᠯᠭᠡ ᠵᠢᠨ ᠡᠬᠢ ᠪᠠᠶᠠᠯᠢᠭ᠂ ᠡᠯᠪᠡᠭ ᠪᠠᠶᠠᠨ ᠠᠮᠢᠳᠤᠷᠠᠯ ᠤᠨ ᠡᠬᠢ ᠪᠠᠶᠠᠯᠢᠭ ᠲᠠᠢ ᠭᠡᠳᠡᠭ ᠢ ᠢᠯᠡᠳᠭᠡᠵᠦ ᠪᠠᠢᠳᠠᠭ ᠮᠦᠷᠳᠡᠭᠡᠨ ᠬᠤᠲᠠ ᠵᠢᠨ ᠲᠤᠨᠤᠭ ᠲᠦᠬᠦᠬᠡᠷᠦᠮᠵᠢ ᠪᠠ ᠡᠯ᠎ᠡ ᠳᠦᠷᠦᠯ ᠤᠨ ᠬᠤᠯᠪᠤᠭᠳᠠᠯ ᠪᠦᠬᠦᠢ ᠬᠠᠤᠯᠢ ᠲᠦᠷᠢᠮ ᠤᠨ ᠲᠡᠬᠦᠯᠳᠡᠷᠵᠢᠯᠳᠡ ᠵᠢᠨ ᠶᠠᠪᠤᠴᠠ ᠳ᠋ᠤ ᠮᠠᠯᠴᠢᠳ ᠤᠨ ᠨᠤᠲᠤᠭ ᠤᠷᠤᠨ ᠠᠴᠠ ᠢᠶᠠᠨ ᠰᠠᠯᠵᠦ ᠬᠤᠲᠠ ᠳ᠋ᠤ ᠨᠡᠬᠦᠬᠦ ᠨᠢ ᠴᠦ ᠨᠡᠩ ᠤᠯᠠᠨ ᠪᠤᠳᠠᠳᠠᠢ ᠠᠰᠠᠭᠤᠳᠠᠯ ᠳ᠋ᠤ ᠲᠤᠯᠭᠠᠷᠠᠵᠦ ᠪᠠᠢᠭ᠎ᠠ ᠵᠢ ᠬᠠᠷᠠᠭᠤᠯᠵᠦ ᠪᠤᠢ᠃
   ᠢᠷᠡᠯᠳᠡ᠄ ᠳᠤᠮᠳᠠᠳᠤ ᠤᠯᠤᠰ ᠤᠨ ᠮᠤᠨᠭᠭᠤᠯ ᠷᠠᠳᠢᠤ᠋ ᠰᠦᠯᠵᠢᠶ᠎ᠡ

 

山上蒙古人家

在乌兰巴托,我们发现郊区的山上有大片的蒙古包、简易木板房和平房,当地人告诉我们这是进城牧民居住的地方。我们采访了距离乌兰巴托10公里西北部的一个山上蒙古人家。
 这户人家有4口人,夫妇俩同在一家企业打工,大儿子读建筑设计专业,明年将去日本留学;小儿子高一在读。15年前为了让两个孩子接受更好的教育,他们举家从前杭爱省迁到了乌兰巴托。根据蒙古国的法律,每一个到乌兰巴托的牧民都可以分到保障性的0.75公顷(约等于11亩)的土地。在政府划给他们的土地上,一家人搭起蒙古包开始了进城的生活。
 在采访期间,女主人告诉我们,过两年这一带将建幼儿园等,拆迁户家家都能分到楼房。不过他们又在附近稍远的地方争取了一块地,这块地有政府发的证书,后年一家人要在新申请的土地上搭蒙古包继续住。
 在蒙古国,像他们一家一样住在山上的蒙古人还有很多,约占乌兰巴托市人口的三分之一,大概几十万,这是一个很庞大的群体。他们进城在乌兰巴托郊区的山上搭起蒙古包,组成了成片的山上蒙古人家社区。
 山上的蒙古人社区是蒙古国城市化的一个折射。事实上,世界多国都面临着都市化加速的课题。大都市意味着先进的教育资源、优质的医疗资源、丰富的生活资源等,在城市设施和各项相关法规完善的过程中牧民离开家乡也意味着会面临更多现实问题。
         来源:蒙地色彩

 
Posted in ᠵᠤᠴᠢᠨ ᠬᠤᠢ᠌ᠮᠤᠷ| 每日嘉宾 and tagged .