ᠫᠠᠰᠫᠤᠷᠲ ᠪᠤᠯ ᠨᠢᠰᠭᠡᠯ ᠳ᠋ᠤ ᠰᠠᠭᠤᠬᠤ ᠬᠥᠴᠤᠨ ᠪᠦᠬᠥᠢ ᠪᠡᠶ᠎ᠠ ᠬᠡᠮ ᠦᠨ··· 民航局公安局明确!护照是有效乘机身份证件

ᠫᠠᠰᠫᠤᠷᠲ ᠪᠤᠯ ᠨᠢᠰᠭᠡᠯ ᠳ᠋ᠤ ᠰᠠᠭᠤᠬᠤ ᠬᠥᠴᠤᠨ ᠪᠦᠬᠥᠢ ᠪᠡᠶ᠎ᠠ ᠬᠡᠮ ᠦᠨ ᠭᠡᠷᠡᠴᠢ ᠦᠨᠡᠮᠯᠠᠯ ᠮᠦᠨ ᠭᠡᠵᠤ ᠠᠷᠠᠳ ᠤᠨ ᠠᠭᠠᠷ ᠤᠨ ᠲᠡᠭᠡᠭᠡᠪᠤᠷᠢ ᠵᠢᠨ ᠲᠤᠪᠴᠢᠶᠠᠨ ᠤ ᠲᠤᠳᠤᠭᠠᠳᠤ ᠵᠢ ᠬᠠᠮᠠᠭᠠᠯᠠᠬᠤ ᠲᠤᠪᠴᠢᠶ᠎ᠠ ᠲᠤᠳᠤᠷᠬᠠᠢ ᠲᠤᠭᠳᠠᠭᠠᠪᠠ

ᠠᠷᠠᠳ ᠤᠨ ᠡᠳᠤᠷ ᠦᠨ ᠰᠤᠨᠢᠨ ᠤ ᠪᠡᠭᠡᠵᠢᠩ ᠦᠨ 5 ᠰᠠᠷ᠎ᠠ ᠵᠢᠨ 23 ᠦ ᠡᠳᠤᠷ ᠦᠨ ᠮᠡᠳᠡᠭᠡ (ᠰᠤᠷᠪᠤᠯᠵᠢᠯᠠᠭᠴᠢ ᠵᠤᠤ ᠵᠠᠨ ᠾᠦᠢ ) 23 ᠦ ᠡᠳᠤᠷ ᠂ ᠠᠷᠠᠳ ᠤᠨ ᠠᠭᠠᠷ ᠤᠨ ᠲᠡᠭᠡᠭᠡᠪᠤᠷᠢ ᠵᠢᠨ ᠲᠤᠪᠴᠢᠶᠠᠨ ᠤ ᠲᠤᠳᠤᠭᠠᠳᠤ ᠵᠢ ᠬᠠᠮᠠᠭᠠᠯᠠᠬᠤ ᠲᠤᠪᠴᠢᠶ᠎ᠠ ᠲᠤᠤᠷᠡᠬᠢ ᠮᠡᠳᠤ ᠮᠡᠳᠡᠭᠳᠡᠯ ᠪᠠᠭᠤᠯᠭᠠᠪᠠ ᠄ ᠪᠦᠬᠥᠳᠡ ᠨᠠᠢᠷᠠᠮᠳᠠᠬᠤ ᠲᠤᠮᠳᠠᠳᠤ ᠠᠷᠠᠳ ᠤᠯᠤᠰ ᠤᠨ ᠫᠠᠰᠫᠤᠷᠲ ᠢ ᠨᠢᠰᠭᠡᠯ ᠳ᠋ᠤ ᠰᠠᠭᠤᠬᠤ ᠬᠥᠴᠤᠨ ᠪᠦᠬᠥᠢ ᠪᠡᠶ᠎ᠠ ᠬᠡᠮ ᠦᠨ ᠭᠡᠷᠡᠴᠢ ᠦᠨᠡᠮᠯᠠᠯ ᠪᠤᠯᠭᠠᠵᠤ ᠂ ᠤᠯᠤᠰ ᠤᠨ ᠲᠤᠳᠤᠭᠠᠳᠤ ᠵᠢᠨ ᠡᠭᠡᠯᠵᠢ ᠵᠢᠨ ᠨᠢᠰᠭᠡᠯ ᠦᠨ ᠪᠢᠯᠧᠲ ᠬᠤᠳᠠᠯᠳᠤᠨ ᠠᠪᠴᠤ ᠂ ᠨᠢᠰᠭᠡᠯ ᠳ᠋ᠥ ᠰᠠᠭᠤᠬᠤ ᠭᠠᠷ ᠬᠦᠢᠴᠡᠳᠭᠡᠯ ᠪᠠ ᠠᠶᠤᠯᠬᠥᠢ ᠵᠢᠨ ᠪᠠᠢᠴᠠᠭᠠᠯᠳᠠ ᠵᠢᠨ ᠭᠠᠷ ᠬᠥᠢᠴᠡᠳᠭᠡᠯ ᠬᠢᠵᠤ ᠪᠤᠯᠤᠨ᠎ᠠ ︔ ᠠᠶᠠᠨᠴᠢᠳ ᠤᠯᠤᠰ ᠤᠨ ᠲᠤᠳᠤᠭᠠᠳᠤ ᠵᠢᠨ ᠡᠭᠡᠯᠵᠢ ᠵᠢᠨ ᠨᠢᠰᠭᠡᠯ ᠦᠨ ᠪᠢᠯᠧᠲ ᠬᠤᠳᠠᠯᠳᠤᠨ ᠠᠪᠬᠤ ᠂ ᠨᠢᠰᠭᠡᠯ ᠳ᠋ᠥ ᠰᠠᠭᠤᠬᠤ ᠭᠠᠷ ᠬᠦᠢᠴᠡᠳᠭᠡᠯ ᠬᠢᠬᠦ᠂ ᠠᠶᠤᠯᠬᠥᠢ ᠵᠢᠨ ᠪᠠᠢᠴᠠᠭᠠᠯᠳᠠ ᠵᠢᠨ ᠭᠠᠷ ᠬᠥᠢᠴᠡᠳᠭᠡᠯ ᠬᠢᠬᠦ ᠳ᠋ᠡᠭᠡᠨ ᠬᠥᠴᠤᠨ ᠪᠦᠬᠥᠢ ᠨᠢᠭᠡ ᠯᠡ ᠪᠡᠶ᠎ᠠ ᠬᠡᠮ ᠦᠨ ᠬᠡᠷᠡᠴᠢ ᠦᠨᠡᠮᠯᠠᠯ ᠬᠡᠷᠡᠭᠯᠡᠬᠥ ᠬᠡᠷᠡᠭᠳᠠᠢ ᠃

ᠡᠬᠦᠨ ᠦ ᠬᠠᠮᠳᠤ ᠂ ᠠᠷᠠᠳ ᠤᠨ ᠠᠭᠠᠷ ᠤᠨ ᠲᠡᠭᠡᠭᠡᠪᠤᠷᠢ ᠵᠢᠨ ᠲᠤᠪᠴᠢᠶᠠᠨ ᠤ ᠲᠤᠳᠤᠭᠠᠳᠤ ᠵᠢ ᠬᠠᠮᠠᠭᠠᠯᠠᠬᠤ ᠲᠤᠪᠴᠢᠶ᠎ᠠ ᠠᠶᠠᠨᠴᠢᠳ ᠲᠤ ᠰᠠᠨᠠᠭᠤᠯᠤᠭᠰᠠᠨ ᠨᠢ ᠂ ᠰᠠᠭᠤᠭᠠᠯᠢ ᠠᠷᠠᠳ ᠤᠨ ᠪᠡᠶ᠎ᠠ ᠵᠢᠨ ᠦᠨᠡᠮᠯᠠᠯ ᠦᠨ ᠬᠥᠴᠤᠨ ᠪᠦᠬᠥᠢ ᠬᠤᠭᠤᠴᠠᠭ᠎ᠠ ᠨᠢ ᠲᠠᠭᠤᠰᠪᠠᠯ ᠲᠡᠬᠥᠨ ᠢ ᠦᠷᠬᠥᠯᠵᠢᠯᠡᠨ ᠬᠡᠷᠡᠭᠯᠡᠵᠤ ᠪᠤᠯᠬᠤ ᠦᠭᠡᠢ ᠃ ᠬᠥᠴᠤᠨ ᠪᠦᠬᠥᠢ ᠬᠤᠭᠤᠴᠠᠭ᠎ᠠ  ᠨᠢ ᠲᠠᠭᠤᠰᠤᠭᠰᠠᠨ ᠪᠠᠢᠪᠠᠯ ᠂ ᠲᠦᠷ ᠴᠠᠭ ᠤᠨ ᠰᠠᠭᠤᠭᠠᠯᠢ ᠠᠷᠠᠳ ᠤᠨ ᠪᠡᠶ᠎ᠠ ᠵᠢᠨ ᠦᠨᠡᠮᠯᠠᠯ ᠪᠤᠶᠤ ᠲᠤᠳᠤᠭᠠᠳᠤ ᠵᠢ ᠬᠠᠮᠠᠭᠠᠯᠠᠬᠤ ᠪᠠᠢᠭᠤᠯᠤᠯᠭ᠎ᠠ ᠵᠢᠨ ᠭᠠᠷᠭᠠᠭᠰᠠᠨ ᠲᠤᠰ ᠬᠥᠮᠤᠨ ᠦ ᠦᠢᠷ᠎ᠠ ᠵᠢᠨ ᠬᠤᠭᠤᠴᠠᠭᠠᠨ ᠳ᠋ᠥ ᠲᠠᠳᠠᠭᠤᠯᠤᠭᠰᠠᠨ ᠭᠡᠷᠡᠴᠢ ᠦᠨᠡᠮᠯᠠᠯ ᠦᠨ ᠰᠡᠬᠥᠳᠡᠷ ᠨᠠᠭᠠᠵᠤ ᠡᠷᠤᠭᠡ ᠠᠮᠠ ᠵᠢᠨ ᠲᠠᠩᠰᠠ ᠵᠢᠨ ᠲᠤᠰᠬᠠᠢ ᠲᠡᠮᠠᠭ᠎ᠠ ᠲᠠᠷᠤᠭᠰᠠᠨ ᠂ ᠬᠦᠴᠤᠨ ᠪᠦᠬᠥᠢ ᠬᠤᠭᠤᠴᠠᠭ᠎ᠠ ᠵᠢ ᠲᠤᠳᠤᠷᠬᠠᠢᠯᠠᠨ ᠲᠡᠮᠳᠡᠭᠯᠡᠭᠰᠡᠨ 《ᠰᠠᠭᠤᠭᠠᠯᠢ ᠠᠷᠠᠳ ᠤᠨ ᠪᠡᠶ᠎ᠠ ᠵᠢᠨ ᠦᠨᠡᠮᠯᠠᠯ ᠭᠤᠶᠤᠴᠢᠯᠠᠨ ᠠᠪᠬᠤ ᠬᠠᠷᠢᠭᠤ ᠪᠠᠷᠢᠮᠳᠠ 》ᠪᠡᠨ ᠨᠢᠰᠭᠡᠯ ᠳ᠋ᠤ ᠰᠠᠭᠤᠬᠤ ᠬᠥᠴᠤᠨ ᠪᠦᠬᠥᠢ ᠪᠡᠶ᠎ᠠ ᠬᠡᠮ ᠦᠨ ᠭᠡᠷᠡᠴᠢ ᠦᠨᠡᠮᠯᠠᠯ ᠤᠨ ᠤᠷᠤᠨ ᠳ᠋ᠥ ᠬᠡᠷᠡᠭᠯᠡᠵᠤ ᠪᠤᠯᠤᠨ᠎ᠠ ᠃ ᠮᠡᠳᠡᠭᠳᠡᠯ ᠳ᠋ᠤ ᠱᠠᠭᠠᠷᠳᠠᠭᠰᠠᠨ ᠨᠢ ᠂ ᠠᠷᠠᠳ ᠤᠨ ᠬᠡᠷᠡᠭᠯᠡᠭᠡᠨ ᠦ ᠨᠢᠰᠭᠡᠯ ᠦᠨ ᠪᠠᠭᠤᠳᠠᠯ ᠤᠳ ᠲᠤᠳᠤᠭᠠᠳᠤ ᠵᠢ ᠬᠠᠮᠠᠭᠠᠯᠠᠬᠤ ᠪᠠᠢᠭᠤᠯᠤᠯᠭ᠎ᠠ 《ᠠᠷᠠᠳ ᠲᠤ ᠲᠦᠬᠥᠮ ᠦᠵᠡᠬᠥᠯᠬᠥ᠂ ᠦᠢᠯᠡᠴᠢᠯᠡᠬᠥ》 ᠵᠠᠷᠴᠢᠮ ᠶᠤᠰᠤᠭᠠᠷ ᠂ ᠬᠡᠷᠡᠭᠴᠡᠭᠡ ᠲᠡᠢ ᠠᠶᠠᠨᠴᠢᠨ ᠳ᠋ᠤ 《ᠠᠷᠠᠳ ᠤᠨ ᠠᠭᠠᠷ ᠤᠨ ᠲᠡᠭᠡᠭᠡᠪᠤᠷᠢ ᠵᠢᠨ ᠨᠢᠰᠭᠡᠯ ᠳ᠋ᠤ ᠰᠠᠭᠤᠬᠤ ᠲᠦᠷ ᠴᠠᠭ ᠤᠨ ᠪᠡᠶ᠎ᠠ ᠭᠡᠮ ᠦᠨ ᠭᠡᠷᠡᠴᠢᠯᠡᠯ 》 ᠤᠯᠭᠤᠵᠤ ᠂ ᠠᠶᠠᠨᠴᠢᠳ ᠤᠨ ᠠᠶᠠᠨ ᠵᠠᠮ ᠤᠨ ᠤᠷᠤᠭᠰᠢᠲᠠᠢ ᠪᠠᠢᠬᠤ ᠵᠢ ᠪᠠᠳᠤᠯᠠᠬᠤ ᠬᠡᠷᠡᠭᠳᠠᠢ ᠃

ᠢᠷᠡᠯᠲᠡ : ᠠᠷᠠᠳ ᠤᠨ ᠰᠦᠯᠵᠢᠶ᠎ᠡ

民航局公安局明确!护照是有效乘机身份证件

23日,民航局公安局下发通知:中华人民共和国护照可以作为有效乘机身份证件,办理国内航班购票、值机、安检手续;旅客乘坐国内航班,办理购票、值机、安检手续时,应当使用同一个有效乘机身份证件。

民航局公安局同时提醒旅客,居民身份证过期不能继续使用。若有效期满的,可以凭临时居民身份证或公安机关出具的贴有本人近期免冠证件照、并加盖户籍专用章、注明有效期的《申领居民身份证回执》作为有效乘机身份证件替代使用。通知要求,民用机场公安机关应本着“便民、服务”的原则,为有需求的旅客签发《乘坐民航飞机临时身份证明》,保证乘客的顺利出行。(记者赵展慧)

Posted in ᠠᠶᠠᠯᠠᠯ ᠵᠤᠭᠠᠴᠠᠯ|环保旅游 and tagged .