5 ᠲᠦᠷᠦᠯ ᠤᠨ ᠲᠤᠰᠬᠠᠢ ᠠᠵᠢᠯᠯᠠᠭ᠎ᠠ ᠦᠷᠨᠢᠬᠦᠯᠵᠤ ᠰᠠᠭᠤᠭᠠᠯᠢ ᠢᠷᠭᠡᠳ ᠤᠨ ···5个专项行动提升居民健康素养

ᠦᠪᠦᠷ ᠮᠤᠩᠭ᠋ᠤᠯ᠄ 5 ᠲᠦᠷᠦᠯ ᠤᠨ ᠲᠤᠰᠬᠠᠢ ᠠᠵᠢᠯᠯᠠᠭ᠎ᠠ ᠦᠷᠨᠢᠬᠦᠯᠵᠤ ᠰᠠᠭᠤᠭᠠᠯᠢ ᠢᠷᠭᠡᠳ ᠤᠨ ᠡᠷᠡᠬᠦᠯ ᠮᠡᠨᠳᠤ ᠶᠢ ᠲᠡᠭᠡᠭ᠍ᠰᠢᠯᠡᠬᠦᠯᠤᠨ᠎ᠠ

ᠦᠨᠦ ᠵᠢᠯ ᠦᠪᠦᠷ ᠮᠤᠩᠭ᠋ᠤᠯ ᠡᠷᠡᠬᠦᠯ ᠮᠡᠨᠳᠤ ᠶᠢ ᠠᠬᠢᠭᠤᠯᠬᠤ ᠪᠤᠯᠤᠨ ᠰᠤᠷᠭᠠᠨ ᠬᠦᠮᠦᠵᠢᠯ ᠤᠨ 5 ᠲᠤᠰᠬᠠᠢ ᠲᠦᠰᠤᠯ ᠤᠨ ᠠᠵᠢᠯᠯᠠᠭ᠎ᠠ ᠦᠷᠨᠢᠬᠦᠯᠵᠤ᠂ ᠤᠷᠤᠨ ᠲᠠᠶᠠᠭᠠᠷ ᠤᠨ ᠰᠠᠭᠤᠭᠠᠯᠢ ᠢᠷᠭᠡᠳ ᠤᠨ ᠡᠷᠡᠬᠦᠯ ᠮᠡᠨᠳᠤ ᠶᠢᠨ ᠲᠦᠪᠰᠢᠨ ᠢ ᠪᠦᠬᠦ ᠲᠠᠯ᠎ᠠ ᠪᠡᠷ ᠲᠡᠭᠡᠭ᠍ᠰᠢᠯᠡᠬᠦᠯᠦᠨ᠂ ᠡᠷᠡᠬᠦᠯ ᠮᠡᠨᠳᠤ ᠦᠪᠦᠷ ᠮᠤᠩᠭ᠋ᠤᠯ ᠤᠨ ᠪᠦᠲᠦᠭᠡᠨ ᠪᠠᠶᠢᠭᠤᠯᠤᠯᠳᠠ ᠶᠢ ᠠᠬᠢᠭᠤᠯᠤᠨ᠎ᠠ ᠭᠡᠵᠡᠢ᠃
  ᠨᠢᠬᠡ᠂ ᠡᠷᠡᠬᠦᠯ ᠮᠡᠨᠳᠤ ᠶᠢ ᠨᠦᠯᠦᠬᠡᠯᠡᠬᠦ ᠡᠯᠧᠮᠧᠨ᠋ᠲ᠋ ᠲᠤ ᠦᠨᠡᠯᠡᠭᠡ ᠬᠢᠬᠦ ᠲᠤᠰᠬᠠᠢ ᠠᠵᠢᠯᠯᠠᠭ᠎ᠠ ᠶᠢ ᠬᠦᠨᠵᠡᠬᠡᠢ ᠦᠷᠨᠢᠬᠦᠯᠤᠨ᠎ᠠ᠃ ᠡᠷᠡᠬᠦᠯ ᠮᠡᠨᠳᠤ ᠶᠢ ᠨᠦᠯᠦᠬᠡᠯᠡᠬᠦ ᠡᠯᠧᠮᠧᠨ᠋ᠲ᠋ ᠲᠤ ᠦᠨᠡᠯᠡᠭᠡ ᠬᠢᠬᠦ ᠲᠤᠭᠳᠠᠭᠠᠯ ᠭᠠᠷᠭᠠᠨ᠂ ᠡᠷᠡᠬᠦᠯ ᠮᠡᠨᠳᠤ ᠶᠢ ᠨᠦᠯᠦᠬᠡᠯᠡᠬᠦ ᠡᠯᠧᠮᠧᠨ᠋ᠲ᠋ ᠲᠤ ᠦᠨᠡᠯᠡᠭᠡ ᠬᠢᠬᠦ ᠠᠵᠢᠯ ᠢ ᠦᠷᠨᠢᠬᠦᠯᠵᠤ᠂ ᠬᠤᠯᠪᠤᠭᠳᠠᠬᠤ ᠬᠦᠮᠦᠰ ᠢ ᠵᠤᠬᠢᠶᠠᠨ ᠪᠠᠶᠢᠭᠤᠯᠤᠨ ᠪᠤᠯᠪᠠᠰᠤᠷᠠᠭᠤᠯᠵᠤ᠂ ᠡᠯ᠎ᠡ ᠲᠦᠷᠦᠯ ᠤᠨ ᠡᠳ᠋ ᠤᠨ ᠵᠠᠰᠠᠭ ᠨᠡᠶᠢᠬᠡᠮ ᠤᠨ ᠬᠦᠭ᠍ᠵᠢᠯᠳᠡ ᠶᠢᠨ ᠲᠦᠯᠦᠪᠯᠡᠬᠡ ᠪᠤᠯᠤᠨ ᠲᠦᠷᠦ ᠶᠢᠨ ᠪᠤᠳᠤᠯᠭ᠎ᠠ ᠶᠢᠨ ᠡᠷᠡᠬᠦᠯ ᠮᠡᠨᠳᠤ ᠳᠤ ᠨᠦᠯᠦᠭᠡᠯᠡᠭᠦ ᠶᠢ ᠰᠢᠰᠲ᠋ᠧᠮ ᠲᠠᠢ ᠦᠨᠡᠯᠡᠨ᠎ᠡ᠃
  ᠬᠤᠶᠠᠷ᠂ ᠡᠷᠡᠬᠦᠯ ᠮᠡᠨᠳᠤ ᠶᠢ ᠠᠬᠢᠭᠤᠯᠬᠤ ᠠᠵᠢᠯᠯᠠᠭ᠎ᠠ ᠶᠢ ᠬᠦᠨᠵᠡᠬᠡᠢ ᠦᠷᠨᠢᠬᠦᠯᠵᠤ᠂ ᠡᠷᠡᠬᠦᠯ ᠮᠡᠨᠳᠤ ᠦᠪᠦᠷ ᠮᠤᠩᠭ᠋ᠤᠯ ᠤᠨ ᠠᠵᠢᠯᠯᠠᠭ᠎ᠠ ᠶᠢᠨ ᠪᠷᠧᠨ᠋ᠳ᠋ ᠢ ᠪᠠᠶᠢᠭᠤᠯᠤᠨ᠂ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠡᠷᠡᠬᠦᠯ ᠮᠡᠨᠳᠤ ᠬᠤᠰᠢᠭᠤ ᠰᠢᠶᠠᠨ ( ᠬᠤᠳᠠ᠂ ᠲᠤᠭᠤᠷᠢᠭ)᠂ ᠡᠷᠡᠬᠦᠯ ᠮᠡᠨᠳᠤ ᠰᠤᠮᠤ ᠰᠢᠶᠠᠩ ᠪᠠᠯᠭᠠᠰᠤ ( ᠵᠡᠬᠡᠯᠢ ᠭᠤᠳᠤᠮᠵᠢ  ᠶᠢᠨ ᠬᠡᠷᠡᠭ ᠡᠷᠬᠢᠯᠡᠬᠦ ᠭᠠᠵᠠᠷ)᠂ ᠡᠷᠡᠬᠦᠯ ᠮᠡᠨᠳᠤ ᠨᠡᠶᠢᠬᠡᠮ ᠲᠤᠭᠤᠷᠢᠭ ( ᠭᠠᠴᠠᠭ᠎ᠠ᠂ ᠲᠤᠰᠬᠤᠨ)᠂ ᠡᠷᠡᠬᠦᠯ ᠮᠡᠨᠳᠤ ᠬᠡᠷ ᠪᠦᠯᠢ ᠪᠠᠶᠢᠭᠤᠯᠬᠤ ᠶᠢ ᠠᠬᠢᠭᠤᠯᠤᠨ᠎ᠠ᠃
  ᠭᠤᠷᠪᠠ᠄ ᠡᠷᠡᠬᠦᠯ ᠮᠡᠨᠳᠤ ᠶᠢᠨ ᠰᠢᠨᠵᠢᠯᠡᠬᠦ ᠤᠬᠠᠭᠠᠨ ᠤ ᠲᠦᠬᠡᠮᠡᠯᠵᠢᠭᠦᠯᠤᠯᠲᠠ ᠶᠢᠨ ᠲᠤᠰᠬᠠᠢ ᠠᠵᠢᠯᠯᠠᠭ᠎ᠠ ᠶᠢ ᠬᠦᠨᠵᠡᠬᠡᠢ ᠦᠷᠨᠢᠬᠦᠯᠦᠨ᠎ᠡ᠃ ᠡᠷᠡᠭᠦᠯ ᠮᠡᠨᠳᠤ ᠲᠦᠯᠦᠪᠯᠡᠬᠡᠲᠤ ᠦᠷᠡᠵᠢᠯ ᠤᠨ ᠬᠠᠮᠢᠶᠠᠷᠤᠯᠳᠠ ᠶᠢᠨ ᠰᠠᠯᠠᠭ᠎ᠠ ᠮᠦᠴᠢᠷ ᠪᠤᠯᠤᠨ ᠰᠣᠨᠢᠨ ᠮᠡᠳᠡᠭᠡ ᠵᠠᠭᠤᠴᠢᠯᠠᠭᠤᠷ ᠤᠨ ᠬᠠᠮᠢᠶᠠᠷᠤᠯᠳᠠ ᠶᠢᠨ ᠰᠠᠯᠠᠭ᠎ᠠ ᠮᠦᠴᠢᠷ ᠬᠠᠮᠲᠤᠷᠠᠯᠴᠠᠬᠤ ᠲᠤᠬᠲᠠᠯᠴᠠᠭ᠎ᠠ  ᠪᠠᠶᠢᠭᠤᠯᠵᠤ᠂ ᠡᠯ᠎ᠡ ᠪᠦᠰᠡ ᠨᠤᠳᠤᠭ  ᠤᠨ ᠡᠷᠡᠬᠦᠯ ᠮᠡᠨᠳᠤ ᠶᠢᠨ ᠰᠢᠨᠵᠢᠯᠡᠬᠦ ᠤᠬᠠᠭᠠᠨ ᠲᠦᠬᠡᠮᠡᠯᠵᠢᠭᠦ ᠳᠠᠪᠴᠠᠩ ᠤᠨ ᠪᠠᠶᠢᠭᠤᠯᠤᠯᠲᠠ  ᠶᠢ ᠵᠢᠯᠦᠭᠤᠳᠤᠨ᠂ ᠠᠶᠢᠮᠠᠭ ᠬᠤᠲᠠ ᠶᠢᠨ ᠵᠡᠷᠭᠡᠯᠡᠯ ᠤᠨ ᠡᠷᠡᠬᠦᠯ ᠮᠡᠨᠳᠤ ᠶᠢᠨ ᠫᠷᠤᠭ᠍ᠷᠠᠮ ᠤᠨ ᠨᠡᠪᠲᠡᠷᠡᠬᠦᠯᠬᠡ ᠪᠠ ᠪᠤᠯᠤᠩ ᠢ ᠴᠢᠬᠤᠯᠠᠴᠢᠯᠠᠨ ᠬᠢᠵᠤ᠂ ᠨᠡᠷ᠎ᠠ ᠨᠦᠯᠦᠭᠡ ᠪᠦᠬᠦᠢ ᠡᠷᠡᠬᠦᠯ ᠮᠡᠨᠳᠤ ᠶᠢᠨ ᠰᠢᠨᠵᠢᠯᠡᠬᠦ ᠤᠬᠠᠭᠠᠨ ᠲᠦᠬᠡᠮᠡᠯᠵᠢᠭᠦ ᠳᠠᠪᠴᠠᠩ ᠢ ᠪᠦᠲᠦᠬᠡᠨ ᠪᠠᠶᠢᠭᠤᠯᠤᠨ᠎ᠠ᠃
  ᠳᠦᠷᠪᠡ᠄ ᠲᠠᠮᠠᠬᠢ ᠶᠢ ᠬᠢᠵᠠᠭᠠᠷᠯᠠᠬᠤ ᠲᠤᠰᠬᠠᠢ ᠠᠵᠢᠯᠯᠠᠭ᠎ᠠ ᠶᠢ ᠬᠦᠨᠵᠡᠬᠡᠢ ᠦᠷᠨᠢᠬᠦᠯᠦᠨ᠎ᠡ᠃ ᠬᠡᠪᠯᠡᠯ ᠮᠡᠳᠡᠭᠡᠯᠡᠯ ᠤᠨ ᠬᠡᠯᠪᠡᠷᠢ ᠪᠤᠯᠤᠨ ᠠᠭᠤᠯᠭ᠎ᠠ ᠪᠡᠷ ᠪᠦᠲᠦᠭᠡᠯᠴᠢ ᠪᠡᠷ ᠲᠠᠮᠠᠬᠢ ᠶᠢ ᠬᠢᠵᠠᠭᠠᠷᠯᠠᠵᠤ᠂ ᠢᠷᠭᠡᠳ  ᠤᠨ ᠲᠠᠮᠠᠬᠢᠨ ᠤ  ᠬᠤᠤᠷ ᠨᠦᠯᠦᠬᠡᠯᠡᠯ  ᠤᠨ ᠲᠤᠬᠠᠢ ᠲᠠᠨᠢᠯᠳᠡ ᠶᠢ ᠳᠡᠭᠡᠭ᠍ᠰᠢᠯᠡᠬᠦᠯᠵᠤ᠂ ᠲᠠᠮᠠᠬᠢ ᠲᠠᠳᠠᠬᠤ ᠦᠭᠡᠢ᠂ ᠠᠷᠢᠬᠢ ᠪᠠᠷᠢᠬᠤ ᠦᠬᠡᠢ᠂ ᠲᠠᠮᠠᠬᠢ ᠪᠡᠯᠡᠭᠯᠡᠬᠦ ᠦᠬᠡᠢ ᠨᠡᠶᠢᠬᠡᠮ ᠤᠨ ᠰᠢᠯᠢᠳᠡᠭ ᠬᠡᠪ ᠰᠤᠷᠲᠠᠯ ᠢ ᠪᠤᠢ ᠪᠤᠯᠭᠠᠬᠤ ᠶᠢ ᠠᠬᠢᠭᠤᠯᠤᠨ᠎ᠠ᠃
  ᠲᠠᠪᠤ᠄ ᠡᠷᠡᠬᠦᠯ ᠮᠡᠨᠳᠤ  ᠶᠢ ᠠᠬᠢᠭᠤᠯᠬᠤ ᠪᠠ ᠰᠤᠷᠭᠠᠨ ᠬᠦᠮᠦᠵᠢᠯ ᠤᠨ ᠰᠢᠰᠲ᠋ᠧᠮ ᠪᠠᠶᠢᠭᠤᠯᠬᠤ ᠢᠨᠵᠧᠨᠧᠷᠢᠩ ᠢ ᠬᠦᠨᠵᠡᠬᠡᠢ ᠦᠷᠨᠢᠬᠦᠯᠦᠨ᠎ᠡ᠃ ᠡᠷᠡᠬᠦᠯ ᠮᠡᠨᠳᠤ ᠰᠤᠷᠭᠠᠨ ᠬᠦᠮᠦᠵᠢᠯ ᠤᠨ ᠲᠤᠰᠬᠠᠢ ᠪᠠᠶᠢᠭᠤᠯᠤᠮᠵᠢ ᠪᠡᠷ ᠲᠤᠯᠤᠭᠠᠶᠢᠯᠠᠭᠤᠯᠤᠨ᠂ ᠦᠨᠳᠦᠰᠦᠨ ᠱᠠᠲᠤᠨ ᠤ ᠡᠮ ᠡᠮᠨᠡᠯᠬᠡ ᠡᠷᠡᠭᠦᠯ ᠮᠡᠨᠳᠤ ᠶᠢᠨ ᠪᠠᠶᠢᠭᠤᠯᠤᠮᠵᠢ᠂ ᠡᠮᠨᠡᠯᠬᠡ᠂ ᠲᠤᠰᠬᠠᠢ ᠮᠡᠷᠭᠡᠵᠢᠯ ᠤᠨ ᠨᠡᠶᠢᠲᠠ ᠶᠢᠨ ᠡᠷᠡᠬᠦᠯ ᠮᠡᠨᠳᠤ ᠶᠢᠨ ᠪᠠᠶᠢᠭᠤᠯᠤᠮᠵᠢ ᠪᠡᠷ ᠰᠠᠭᠤᠷᠢᠯᠠᠵᠤ᠂ ᠰᠤᠷᠭᠠᠭᠤᠯᠢ᠂ ᠪᠠᠶᠢᠭᠤᠯᠤᠯᠭ᠎ᠠ᠂ ᠨᠡᠶᠢᠬᠡᠮ ᠲᠤᠭᠤᠷᠢᠭ᠂ ᠠᠵᠤ ᠠᠬᠤᠶᠢᠯᠠᠯ ᠠᠵᠢᠯ ᠥᠢᠯᠡᠰ ᠤᠨ ᠨᠢᠬᠡᠴᠡ ᠶᠢᠨ ᠡᠷᠡᠬᠦᠯ ᠮᠡᠨᠳᠤ ᠰᠤᠷᠭᠠᠨ ᠬᠦᠮᠦᠵᠢᠯ  ᠤᠨ ᠡᠭᠦᠷᠭᠡᠲᠤ ᠰᠠᠯᠠᠭ᠎ᠠ ᠮᠦᠴᠢᠷ ᠪᠡᠷ ᠦᠷᠭᠦᠯᠵᠢᠯᠡᠭᠦᠯᠦᠭᠰᠡᠨ ᠡᠷᠡᠬᠦᠯ ᠮᠡᠨᠳᠤ ᠶᠢ ᠠᠬᠢᠭᠤᠯᠬᠤ ᠪᠠ ᠰᠤᠷᠭᠠᠨ ᠬᠦᠮᠦᠵᠢᠯ ᠤᠨ ᠰᠢᠰᠲ᠋ᠧᠮ ᠪᠠᠶᠢᠭᠤᠯᠬᠤ ᠢᠨᠵᠧᠨᠧᠷᠢᠩ ᠢ ᠪᠦᠲᠦᠬᠡᠨ ᠪᠠᠶᠢᠭᠤᠯᠤᠨ᠎ᠠ᠃
  ᠢᠷᠡᠯᠳᠡ᠄ ᠬᠦᠬᠡᠬᠤᠳᠠ ᠶᠢᠨ ᠡᠳᠤᠷ ᠤᠨ ᠰᠤᠨᠢᠨ

内蒙古:5个专项行动提升居民健康素养

今年内蒙古将深入开展健康促进与教育5个专项行动,全面提升全区居民健康素养水平,推进健康内蒙古建设。
  一是深入开展健康影响评价评估专项行动,建立和实施健康影响评价评估制度,开展健康影响评价评估工作,组织相关人员培训,系统评估各项经济社会发展规划和政策对健康的影响。
  二是深入开展健康素养促进行动,打造健康内蒙古行动品牌,推进自治区健康促进旗县(市、区)、健康苏木乡镇(街道办事处)、健康社区(嘎查、村)、健康家庭建设。
  三是深入开展健康科普专项行动,建立卫生计生主管部门与新闻媒体主管部门协作机制,指导各地加强健康科普平台建设,重点办好盟市级健康类节目和栏目,打造权威健康科普平台。
  四是深入开展控烟专项行动,创新烟草控制大众传媒的形式和内容,提高公众对烟草危害的正确认识,促进形成不吸烟、不敬酒、不送烟的良好社会风尚。
  五是深入开展健康促进与教育体系建设工程,建立健全以健康教育专业机构为龙头,以基层医疗卫生机构、医院、专业公共卫生机构为基础,以学校、机关、社区、企事业单位健康教育职能部门为延伸的健康促进与教育体系。
      来源: 正北方网-内蒙古日报

Posted in ᠡᠮ ᠡᠮᠨᠡᠯᠭᠡ ᠡᠷᠡᠭᠦᠯᠵᠢᠯ|医疗保健 and tagged .