ᠤᠯᠤᠰ ᠤᠨ ᠰᠦᠯᠳᠡ ᠲᠤᠤᠷᠠᠭᠢ ᠰᠢᠨ᠎ᠠ ᠮᠠᠯᠴᠢᠨ 国徽下的新牧民

 

ᠤᠯᠤᠰ ᠤᠨ ᠰᠦᠯᠳᠡ ᠲᠤᠤᠷᠠᠭᠢ ᠰᠢᠨ᠎ᠠ ᠮᠠᠯᠴᠢᠨ

ᠡᠷᠳᠡᠨᠢᠪᠤᠯᠠᠭ ᠤᠨ ᠤᠰᠤᠨ ᠦᠨᠢ ᠡᠷᠳᠡᠨᠡᠴᠠ ᠦᠨᠦᠳᠦᠷ ᠪᠤᠯᠳᠠᠯ᠎ᠠ ᠬᠠᠷᠠᠵᠠᠯᠠᠨ ᠪᠤᠷᠭᠢᠯᠵᠤ ᠂ ᠠᠪᠠᠭ᠎ᠠ ᠶᠢᠨ ᠮᠠᠯᠴᠢᠳ ᠤᠨ ᠦᠴᠦᠭᠡᠳᠦᠷ ᠦᠨᠦᠳᠦᠷ ᠢ ᠲᠤᠯᠢᠳᠠᠨ ᠂ ᠵᠤᠪᠠᠯᠠᠩ ᠤᠨ ᠨᠢᠯᠪᠤᠰᠤ ᠡᠴᠠ ᠵᠢᠷᠭᠠᠯ ᠤᠨ ᠢᠨᠢᠶᠡᠳᠦ ᠭᠦᠷᠳᠡᠯᠡᠭᠢ ᠪᠦᠭᠦᠨ ᠢ ᠰᠢᠩᠭᠡᠭᠡᠭᠰᠡᠭᠡᠷ ᠂ ᠭᠦᠭᠡ ᠲᠡᠭᠷᠢ ᠶᠢᠨ ᠲᠤᠤᠷ᠎ᠠ ᠭᠦᠷᠦᠰᠦᠳᠦ ᠲᠡᠯᠡᠭᠡᠢ ᠶᠢᠨ ᠲᠡᠭᠡᠷᠡᠭᠢ ᠭᠦᠮᠦᠨ ᠵᠠᠶᠠᠭᠠᠨ ᠤ ᠴᠠᠳᠢᠭ ᠢᠶᠠᠷ ᠬᠠᠯᠭᠢᠯᠠᠨ ᠴᠠᠯᠭᠢᠯᠠᠨ ᠤᠷᠤᠰᠤᠨ᠎ᠠ ᠁
 ᠠᠪᠠᠭ᠎ᠠ ᠬᠤᠰᠢᠭᠤᠨ ᠤ ᠪᠡᠯᠭᠦᠳᠡᠢ ᠪᠠᠯᠭᠠᠰᠤᠨ ᠤ ᠡᠷᠳᠡᠨᠢᠪᠤᠯᠠᠭ ᠭᠠᠴᠠᠭ᠎ᠠ ᠡᠷᠳᠡᠨᠢᠪᠤᠯᠠᠭ ᠭᠡᠭᠦ ᠪᠤᠯᠠᠭ ᠤᠨ ᠢᠶᠠᠨ ᠨᠡᠷ᠎ᠠ ᠪᠠᠷ ᠡᠢᠨᠭᠦ ᠨᠡᠷᠡᠯᠡᠭᠳᠡᠵᠡᠢ ᠃
 ᠲᠤᠰ ᠭᠠᠴᠠᠭᠠᠨ ᠳ᠋ᠤ ᠪᠦᠭᠦ ᠤᠯᠤᠰ ᠤᠨ ᠠᠷᠪᠠᠨ ᠬᠤᠶᠠᠳᠤᠭᠠᠷ ᠬᠤᠭᠤᠴᠠᠭᠠᠨ ᠤ ᠠᠷᠠᠳ ᠤᠨ ᠲᠦᠯᠦᠭᠡᠯᠡᠭᠴᠢ ᠡᠷᠳᠡᠨᠢᠭᠡᠷᠡᠯ ᠦᠨ ᠬᠢᠨ ᠠᠮᠢᠳᠤᠷᠠᠵᠤ ᠪᠠᠢᠳᠠᠭ ᠃
 ᠮᠠᠯᠴᠢᠨ ᠲᠦᠯᠦᠭᠡᠯᠡᠭᠴᠢ ᠡᠷᠳᠡᠨᠢᠭᠡᠷᠡᠯ ᠦᠨ ᠬᠢᠨ ᠤ ᠭᠤᠷᠪᠠᠨ ᠦᠶ᠎ᠠ ᠶᠢᠨ ᠠᠮᠢᠳᠤᠷᠠᠯ ᠲᠡᠮᠡᠴᠡᠯ ᠦᠨ ᠦᠯᠢᠭᠡᠷ ᠪᠤᠯ ᠦᠪᠡᠷᠳᠡᠭᠡᠨ ᠵᠠᠰᠠᠬᠤ ᠤᠷᠤᠨ ᠪᠠᠢᠭᠤᠯᠤᠭᠳᠠᠭᠰᠠᠨ 70 ᠵᠢᠯ ᠤᠨ ᠲᠤᠷᠰᠢᠭᠢ ᠲᠦᠭ ᠲᠦᠮᠡᠨ ᠮᠠᠯᠴᠢᠨ ᠠᠮᠢᠳᠤᠷᠠᠯ ᠤᠨ ᠠᠮᠢᠳᠤ ᠵᠢᠷᠤᠭ ᠪᠤᠯᠬᠤ ᠨᠢ ᠶᠠᠷᠢᠶᠠᠨ ᠦᠭᠡᠢ ……
   

国徽下的新牧民(缩写)

额尔登宝拉格泉水汩汩地流淌,映射着阿巴嘎草原的过去与现在,记录着草原牧民的喜怒哀乐,在蓝天和沃土间诉说着一代又一代草原儿女的故事……
 阿巴嘎旗别力古台镇额尔登宝拉格嘎查就是以这汪泉水命名的。
 这样的嘎查在全区数不胜数,只因这里出了一位名叫额日登格日勒的牧民代表而变得远近闻名……
   

ᠲᠠᠯ᠎ᠠ ᠨᠤᠳᠤᠭ ᠡᠴᠠ ᠲᠢᠶᠠᠨ ᠠᠨ ᠮᠧᠨ ᠲᠠᠯᠠᠪᠠᠢ ᠭᠦᠷᠳᠡᠯ᠎ᠠ

ᠲᠠᠯ᠎ᠠ ᠨᠤᠳᠤᠭ ᠡᠴᠠ ᠲᠢᠶᠠᠨ ᠠᠨ ᠮᠧᠨ ᠲᠠᠯᠠᠪᠠᠢ ᠳ᠋ᠤ ᠭᠦᠷᠦᠭᠡᠳ
 ᠠᠯᠳᠠᠨ ᠬᠤᠨᠳᠠᠭ᠎ᠠ ᠪᠠᠨ ᠡᠷᠭᠦᠨ ᠪᠠᠷᠢᠶ᠎ᠠ
 ᠠᠭᠤᠤ ᠶᠡᠭᠡ ᠡᠪ ᠬᠠᠮᠳᠤ ᠨᠠᠮ ᠳ᠋ᠠᠭᠠᠨ ᠲᠠᠯᠠᠷᠬᠠᠭᠠᠳ
 ᠠᠴᠢᠳᠤ ᠮᠠᠦ ᠵᠦᠰᠢ ᠪᠡᠨ ᠮᠠᠭᠳᠠᠨ ᠲᠠᠭᠤᠯᠠᠶ᠎ᠠ ᠁
 ᠲᠠᠯ᠎ᠠ ᠨᠤᠳᠤᠭ ᠡᠴᠠ ᠲᠢᠶᠠᠨ ᠠᠨ ᠮᠧᠨ ᠲᠠᠯᠠᠪᠠᠢ ᠳ᠋ᠤ ᠭᠦᠷᠦᠨ᠎ᠠ ᠭᠡᠳᠡᠭ ᠭᠡᠳᠦᠨ ᠦᠶ᠎ᠠ ᠶᠢᠨ ᠮᠠᠯᠴᠢᠳ ᠤᠨ ᠭᠦᠰᠡᠯ ᠃ ᠡᠨᠡ ᠶᠡᠭᠡ ᠭᠦᠰᠡᠯ ᠦᠨ ᠪᠡᠶᠡᠯᠡᠯ ᠪᠤᠯᠵᠤ ᠂ ᠮᠠᠯᠴᠢᠨ ᠤ ᠭᠡᠦᠭᠡᠨ ᠡᠷᠳᠡᠨᠢᠭᠡᠷᠡᠯ ᠪᠦᠭᠦ ᠤᠯᠤᠰ ᠤᠨ ᠠᠷᠠᠳ ᠤᠨ ᠲᠦᠯᠦᠭᠡᠯᠡᠭᠴᠢ ᠪᠤᠯᠵᠤ ᠂ ᠠᠪᠠᠭ᠎ᠠ ᠶᠢᠨ ᠲᠠᠯ᠎ᠠ ᠨᠤᠳᠤᠭ ᠡᠴᠠ ᠪᠠᠨ ᠲᠢᠶᠠᠨ ᠠᠨ ᠮᠧᠨ ᠲᠠᠯᠠᠪᠠᠢ ᠳ᠋ᠤ ᠭᠦᠷᠴᠦ ᠂ ᠠᠷᠠᠳ ᠤᠨ ᠶᠡᠭᠡ ᠬᠤᠷᠠᠯ ᠤᠨ ᠲᠠᠩᠭᠢᠮ ᠳ᠋ᠤ ᠮᠠᠯᠴᠢᠨ ᠲᠦᠯᠦᠭᠡᠯᠡᠭᠴᠢ ᠶᠢᠨ ᠬᠤᠪᠢ ᠪᠠᠷ ᠲᠦᠷᠦ ᠶᠢᠨ ᠭᠡᠷᠡᠭ ᠢ ᠵᠦᠪᠯᠡᠭᠦ ᠳ᠋ᠤ ᠤᠷᠤᠯᠴᠠᠯ᠎ᠠ ᠃ ᠶᠠᠭᠤᠳᠠᠢ ᠠᠵᠠ᠂ ᠶᠠᠭᠤᠳᠠᠢ ᠵᠠᠪᠰᠢᠶᠠᠨ ᠃
ᠬᠠᠪᠤᠷ ᠪᠤᠯᠵᠤ ᠬᠠᠭᠳᠠ ᠭᠦᠭᠡᠷᠡᠨ ᠂ ᠡᠷᠳᠡᠨᠢᠪᠤᠯᠠᠭ ᠤᠨ ᠤᠰᠤᠨ ᠭᠡᠰᠭᠦ ᠪᠡᠷ ᠡᠷᠳᠡᠨᠢᠭᠡᠷᠡᠯ ᠲᠦᠢᠯᠦᠭᠡᠯᠡᠭᠴᠢ ᠶᠢᠨ ᠤᠯᠤᠰ ᠲᠦᠷᠦ ᠶᠢᠨ ᠠᠮᠢᠳᠤᠷᠠᠯ ᠳ᠋ᠠᠬᠢ ᠬᠠᠮᠤᠭ ᠤᠨ ᠴᠢᠬᠤᠯᠠ ᠠᠵᠢᠯ ᠡᠭᠢᠯᠡᠵᠤ ᠂ᠪᠦᠭᠦ ᠤᠯᠤᠰ ᠤᠨ ᠬᠤᠶᠠᠷ ᠬᠤᠷᠠᠯ ᠳ᠋ᠤ ᠤᠷᠤᠯᠴᠠᠬᠤ ᠪᠠᠷ ᠪᠡᠭᠡᠵᠢᠩ ᠲᠡᠰᠢ ᠮᠤᠷᠳᠡᠨ᠎ᠠ ᠃
ᠨᠤᠭᠤᠭᠠᠨ ᠲᠤᠷᠭᠠᠨ ᠲᠡᠷᠯᠢᠭ ᠢᠶᠡᠷ ᠢᠶᠡᠨ ᠭᠤᠶᠤᠯᠠᠭᠰᠠᠨ ᠮᠠᠯᠴᠢᠨ ᠲᠦᠯᠦᠭᠡᠯᠡᠭᠴᠢ ᠡᠷᠳᠡᠨᠢᠭᠡᠷᠡᠯ ᠪᠦᠭᠦ ᠤᠯᠤᠰ ᠤᠨ ᠠᠷᠠᠳ ᠤᠨ ᠲᠦᠯᠦᠭᠡᠯᠡᠭᠴᠢᠳ ᠦᠨ ᠶᠡᠭᠡ ᠬᠤᠷᠠᠯ ᠳ᠋ᠤ ᠤᠷᠤᠯᠴᠠᠭᠰᠠᠨ ᠢᠶᠠᠷ ᠡᠷᠳᠡᠨᠢᠪᠤᠯᠠᠭ ᠤᠨ ᠮᠠᠯᠴᠢᠨ ᠲᠡᠦᠭᠡ ᠪᠠᠰᠠ ᠨᠢᠭᠡᠨ ᠰᠢᠨ᠎ᠠ ᠬᠠᠭᠤᠳᠠᠰᠤ ᠶᠢ ᠰᠡᠭᠦᠭᠰᠡᠨ ᠨᠢ 2013 ᠤᠨ ᠤ 3 ᠰᠠᠷ᠎ᠠ ᠶᠢᠨ ᠡᠭᠢᠨ ᠪᠠᠢᠯ᠎ᠠ ᠃
 ᠪᠡᠯᠭᠦᠳᠡᠢ ᠪᠠᠯᠭᠠᠰᠤᠨ ᠤ ᠪᠡᠯᠭᠦᠳᠡᠢ ᠰᠠᠭᠤᠭᠠᠯᠢ ᠠᠷᠠᠳ ᠤᠨ ᠲᠤᠭᠤᠷᠢᠭ ᠤᠨ ᠨᠢᠭᠡᠨ ᠠᠰᠠᠷ ᠤᠨ ᠦᠷᠦᠭᠡᠨ ᠳ᠋ᠤ ᠡᠷᠳᠡᠨᠢᠭᠡᠷᠡᠯ ᠦᠨ ᠠᠪᠤ ᠡᠵᠢ ᠠᠬ᠎ᠠ ᠲᠡᠭᠦᠦ ᠰᠠᠳᠤᠨ ᠨᠢ ᠲᠦᠭᠦᠷᠳᠡᠯ᠎ᠠ ᠰᠠᠭᠤᠯᠴᠠᠵᠤ ᠂ ᠲᠧᠯᠧᠢᠰ ᠤᠨ ᠰᠢᠭᠤᠳ ᠨᠠᠪᠳᠡᠷᠡᠭᠦᠯᠭᠡ ᠶᠢ ᠨᠢᠳᠤ ᠰᠠᠯᠭᠠᠯ ᠦᠭᠡᠢ ᠰᠢᠷᠳᠡᠵᠤ ᠂ ᠡᠷᠳᠡᠨᠢᠭᠡᠷᠡᠯ ᠦᠨ ᠲᠤᠬᠠᠢ ᠦᠵᠡᠭᠳᠡᠯ ᠳ᠋ᠤ ᠠᠩᠬᠠᠷᠤᠯ ᠢᠶᠠᠨ ᠶᠠᠭᠠᠭᠢᠬᠤ ᠶᠢᠨ ᠠᠷᠭ᠎ᠠ ᠦᠭᠡᠢ ᠬᠠᠨᠳᠤᠭᠤᠯᠵᠠᠭᠠᠨ᠎ᠠ ᠃ ᠡᠩᠭᠡᠷ ᠲᠡᠭᠡᠨ ᠲᠦᠯᠦᠭᠡᠯᠡᠭᠴᠢ ᠶᠢᠨ ᠦᠨᠡᠮᠯᠡᠯ ᠲᠡᠢ ᠂ ᠨᠢᠭᠤᠷ ᠲᠦᠭᠦᠷᠡᠩ ᠪᠠᠶᠠᠷ ᠤᠨ ᠮᠦᠰᠢᠶᠠᠳᠤ ᠲᠤᠳᠤᠷᠠᠭᠤᠯᠤᠭᠰᠠᠨ ᠭᠡᠦᠭᠡᠨ ᠢᠶᠡᠨ ᠲᠧᠯᠧᠢᠰ ᠢᠶᠠᠷ ᠬᠠᠷᠠᠭᠰᠠᠨ ᠳ᠋ᠠᠯᠬᠠᠵᠠᠪ ᠨᠠᠰᠤᠳᠠᠨ ᠤ ᠨᠢᠳᠤᠨ ᠳ᠋ᠤ ᠪᠠᠶᠠᠷ ᠤᠨ ᠨᠢᠯᠪᠤᠰᠤ ᠮᠠᠯᠮᠠᠯᠵᠠᠨ᠎ᠠ ᠃
 ——ᠲᠠᠯ᠎ᠠ ᠨᠤᠳᠤᠭ ᠡᠴᠠ ᠲᠢᠶᠠᠨ ᠠᠨ ᠮᠧᠨ ᠲᠠᠯᠠᠪᠠᠢ ᠳ᠋ᠤ ᠭᠦᠷᠦᠨ᠎ᠠ ᠭᠡᠳᠡᠭ ᠮᠠᠯᠴᠢᠨ ᠪᠢᠳᠡᠨ ᠦ ᠭᠡᠳᠦᠨ ᠦᠶ᠎ᠠ ᠶᠢᠨ ᠭᠦᠰᠡᠯ ᠃ ᠡᠷᠳᠡᠨᠢᠭᠡᠷᠡᠯ ᠮᠢᠨᠢ ᠬᠠᠷᠢᠨ ᠲᠢᠶᠠᠨ ᠠᠨ ᠮᠧᠨ ᠳ᠋ᠤ ᠭᠦᠷᠦᠭᠰᠡᠨ ᠢᠶᠡᠷ ᠪᠠᠷᠠᠬᠤ ᠦᠭᠡᠢ ᠲᠦᠷᠦ ᠶᠢᠨ ᠭᠡᠷᠡᠭ ᠢ ᠵᠦᠪᠯᠡᠭᠦ ᠳ᠋ᠤ ᠤᠷᠤᠯᠴᠠᠴᠢᠬᠠᠯ᠎ᠠ ᠃ ᠶᠤᠰᠤᠳᠠᠢ ᠵᠡᠭᠦᠳᠦᠨ ᠳ᠋ᠤ ᠦᠭᠡᠢ ᠤᠴᠢᠷ ᠡᠭᠦᠳᠡᠨ ᠳ᠋ᠤ ᠢᠷᠡᠵᠡᠢ ᠳ᠋ᠧ ᠁
 ——ᠲᠠᠢᠮᠦ ᠦᠭᠡᠢ ᠶᠠᠭᠠᠭᠢᠬᠤᠪ ᠂ ᠭᠡᠦᠭᠡᠨ ᠮᠢᠨᠢ ᠤᠯᠤᠰ ᠤᠨ ᠲᠡᠷᠢᠭᠦᠯᠡᠭᠴᠢ ᠲᠡᠢ ᠭᠦᠷᠳᠡᠯ᠎ᠠ ᠭᠠᠷ ᠠᠳᠬᠤᠨ ᠮᠠᠨᠳᠤᠴᠢᠯᠡᠭᠰᠡᠨ ᠳ᠋ᠠ ᠂ ᠮᠠᠯᠴᠢᠨ ᠭᠦᠮᠦᠨ ᠳ᠋ᠤ ᠡᠭᠦᠨ ᠡᠴᠠ ᠶᠡᠭᠡ ᠢᠷᠠᠭᠤ ᠠᠯᠳᠠᠷ ᠭᠡᠵᠤ ᠬᠠᠮᠢᠭ᠎ᠠ ᠪᠠᠢᠬᠤ ᠪᠤᠢ ᠁
 ᠡᠢᠨᠭᠦ 10 ᠵᠢᠯ ᠤᠨ ᠬᠤᠭᠤᠴᠠᠭᠠᠨ ᠳ᠋ᠤ ᠡᠷᠳᠡᠨᠢᠭᠡᠷᠡᠯ ᠦᠨ ᠴᠢᠷᠮᠠᠢᠯᠭ᠎ᠠ ᠪᠠᠷ ᠡᠷᠳᠡᠨᠢᠪᠤᠯᠠᠭ ᠭᠠᠴᠠᠭ᠎ᠠ ᠶᠠᠳᠠᠭᠤ ᠡᠴᠠ ᠪᠠᠨ ᠠᠩᠭᠢᠵᠢᠷᠠᠵᠤ ᠂ ᠪᠠᠶᠠᠵᠢᠯ ᠤᠨ ᠵᠠᠮ ᠢᠶᠠᠷ ᠵᠠᠮᠨᠠᠵᠠᠢ ᠃ ᠡᠷᠳᠡᠨᠢᠭᠡᠷᠡᠯ ᠠᠵᠢᠯ ᠳ᠋ᠠᠭᠠᠨ ᠭᠠᠷᠮᠠᠭᠠᠢᠯᠠᠨ ᠦᠯᠡᠮᠵᠢ ᠠᠮᠵᠢᠯᠳᠠ ᠭᠠᠷᠭᠠᠭᠰᠠᠨ ᠢᠶᠠᠷ ᠠᠷᠠᠳᠴᠢᠯᠠᠯ ᠤᠨ ᠰᠤᠩᠭᠤᠭᠤᠯᠢ ᠪᠠᠷ ᠲᠡᠮᠵᠢᠭᠠᠳ ᠲᠠᠷᠠ ᠤᠷᠢᠳ ᠬᠤᠵᠢᠳ ᠰᠤᠮᠤ ᠂ ᠬᠤᠰᠢᠭᠤ ᠂ ᠤᠷᠤᠨ ᠂ ᠤᠯᠤᠰ ᠤᠨ ᠠᠷᠠᠳ ᠤᠨ ᠲᠦᠯᠦᠭᠡᠯᠡᠭᠴᠢ ᠪᠡᠷ ᠰᠤᠩᠭᠤᠭᠳᠠᠵᠤ ᠂ ᠡᠭᠦᠷᠭᠡ ᠬᠠᠷᠢᠭᠤᠴᠠᠯᠭ᠎ᠠ ᠳ᠋ᠠᠭᠠᠨ ᠤᠰᠤᠯᠳᠠᠬᠤ ᠦᠭᠡᠢ ᠶᠢᠨ ᠲᠦᠯᠦᠭᠡ ᠨᠢᠭᠡᠯᠡ ᠰᠡᠳᠭᠢᠯ ᠢᠶᠡᠷ ᠵᠢᠳᠭᠦᠵᠡᠢ ᠃
 ᠤᠢᠷ᠎ᠠ ᠶᠢᠨ ᠵᠢᠯ ᠳ᠋ᠤ ᠲᠠᠷᠠ ᠪᠠᠰᠠ ᠢᠳᠡᠭᠡᠯ ᠭᠡᠭᠦ ᠨᠠᠷ᠎ᠠ ᠲᠠᠢ ᠬᠤᠷᠰᠢᠶ᠎ᠠ ᠪᠠᠢᠭᠤᠯᠤᠨ ᠂ ᠠᠩᠬ᠎ᠠ ᠠᠯᠬᠤᠮ ᠲᠠᠪᠤᠨ ᠮᠠᠯᠴᠢᠨ ᠡᠷᠦᠭᠡ ᠶᠢ ᠬᠤᠷᠰᠢᠶ᠎ᠠ ᠳ᠋ᠠᠭᠠᠨ ᠤᠷᠤᠭᠤᠯᠵᠤ ᠂ ᠬᠤᠰᠢᠭᠤᠨ ᠲᠦᠪ ᠲᠦ ᠪᠠᠰᠠ ᠢᠳᠡᠭᠡᠯ ᠭᠡᠭᠦ ᠬᠤᠷᠰᠢᠶᠠᠨ ᠤ ᠬᠤᠭᠤᠯᠠᠨ ᠭᠡᠷ ᠡᠷᠭᠢᠯᠡᠭᠡᠳ᠂ ᠦᠭᠡᠷ ᠬᠤᠨᠢᠨ ᠮᠢᠬ᠎ᠠ ᠪᠠᠨ ᠪᠦᠷ ᠬᠤᠷᠰᠢᠶ᠎ᠠ ᠡᠴᠠ ᠪᠠᠨ ᠬᠠᠩᠭᠠᠵᠤ ᠂ ᠴᠢᠨᠠᠷ ᠰᠠᠢᠳᠠᠢ ᠴᠤᠯ ᠪᠠᠢᠭᠠᠯᠢᠯᠢᠭ ᠪᠤᠭᠢᠷᠳᠤᠯ ᠦᠭᠡᠢ ᠢ ᠪᠠᠳᠤᠯᠠᠭᠰᠠᠨ ᠪᠤᠯᠬᠤᠷ ᠰᠠᠷ᠎ᠠ ᠶᠢᠨ ᠭᠡᠳᠦᠨ ᠲᠦᠮᠡᠨ ᠲᠦᠭᠦᠷᠢᠭ ᠦᠨ ᠴᠡᠪᠠᠷ ᠤᠷᠤᠯᠭ᠎ᠠ ᠲᠠᠢ ᠪᠤᠯᠵᠠᠢ ᠃ ᠲᠠᠷᠠᠭᠠᠴᠢ ᠪᠠᠷ ᠲᠠᠷᠠ ᠭᠠᠴᠠᠭᠠᠨ ᠤ ᠢᠶᠠᠨ ᠨᠠᠩ ᠤᠯᠠᠨ ᠮᠠᠯᠴᠢᠳ ᠢ ᠬᠤᠷᠰᠢᠶᠠᠨ ᠳ᠋ᠠᠭᠠᠨ ᠤᠷᠤᠭᠤᠯᠵᠤ ᠂ ᠠᠮᠢᠳᠤᠷᠠᠯ ᠢ ᠨᠢ ᠦᠭᠡᠳᠡ ᠲᠠᠳᠠᠵᠤ ᠠᠰᠢᠭ ᠤᠷᠤᠯᠭ᠎ᠠ ᠶᠢ ᠨᠢ ᠨᠡᠮᠡᠭᠳᠡᠭᠦᠯᠭᠦ ᠲᠦᠯᠦᠪᠯᠡᠭᠡ ᠲᠡᠢ ᠠᠵᠢ ᠃
 ᠡᠨᠡ ᠵᠢᠯ ᠤᠨ ᠪᠦᠭᠦ ᠤᠯᠤᠰ ᠤᠨ ᠠᠷᠠᠳ ᠤᠨ ᠲᠦᠯᠦᠭᠡᠯᠡᠭᠴᠢᠳ ᠦᠨ ᠶᠡᠭᠡ ᠬᠤᠷᠠᠯ ᠤᠨ ᠬᠤᠭᠤᠴᠠᠭᠠᠨ ᠳ᠋ᠤ ᠲᠦᠯᠦᠭᠡᠯᠡᠭᠴᠢ ᠡᠷᠳᠡᠨᠢᠭᠡᠷᠡᠯ ᠲᠤᠭᠤᠢᠯᠠᠩ ᠬᠤᠪᠢᠶᠠᠵᠤ ᠶᠠᠷᠢᠯᠴᠠᠬᠤ ᠬᠤᠷᠠᠯ ᠲᠡᠭᠡᠷ᠎ᠠ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠱᠦᠵᠢ ᠂ ᠠᠷᠠᠳ ᠤᠨ ᠲᠦᠯᠦᠭᠡᠯᠡᠭᠴᠢᠳ ᠦᠨ ᠶᠡᠭᠡ ᠬᠤᠷᠠᠯ ᠤᠨ ᠪᠠᠢᠩᠭᠤ ᠶᠢᠨ ᠬᠤᠷᠢᠶ᠎ᠠ ᠶᠢᠨ ᠡᠷᠭᠢᠯᠡᠭᠴᠢ ᠯᠢ ᠵᠢᠢ ᠾᠧᠩ ᠳ᠋ᠤ ᠮᠠᠯᠵᠢᠬᠤ ᠤᠷᠤᠨ ᠳ᠋ᠤ ᠤᠷᠤᠰᠢᠵᠤ ᠪᠠᠢᠭ᠎ᠠ ᠵᠢᠭᠡᠯᠡᠯᠭᠡ ᠶᠢᠨ ᠠᠰᠠᠭᠤᠳᠠᠯ ᠂ ᠮᠠᠯᠴᠢᠳ ᠤᠨ ᠤᠷᠤᠯᠭ᠎ᠠ ᠲᠤᠷᠤᠭᠰᠢᠯᠠᠵᠤ ᠪᠠᠢᠭ᠎ᠠ ᠪᠠ ᠠᠮᠢ ᠠᠬᠤᠢ ᠶᠢᠨ ᠮᠠᠭᠤᠳᠠᠯ ᠤᠨ ᠲᠤᠬᠠᠢ ᠠᠰᠠᠭᠤᠳᠠᠯ ᠢ ᠲᠤᠰᠬᠠᠭᠠᠳ ᠤᠷᠤᠨ ᠤ ᠤᠳᠤᠷᠢᠳᠤᠯᠭ᠎ᠠ ᠪᠠ ᠤᠯᠠᠨ ᠲᠦᠮᠡᠨ ᠦ ᠠᠩᠬᠠᠷᠤᠯ ᠢ ᠶᠡᠭᠡᠪᠠᠷ ᠲᠠᠳᠠᠭᠰᠠᠨ ᠪᠠᠢᠨ᠎ᠠ ᠃
 ᠡᠷᠳᠡᠨᠢᠭᠡᠷᠡᠯ ᠲᠦᠷᠪᠡᠨ ᠱᠠᠳᠤᠨ ᠤ ᠠᠷᠠᠳ ᠤᠨ ᠲᠦᠯᠦᠭᠡᠯᠡᠭᠴᠢ ᠪᠤᠯᠵᠤ ᠂ ᠠᠰᠠᠭᠤᠳᠠᠯ ᠢ ᠦᠨᠡᠨ ᠪᠤᠳᠠᠳᠠᠢ ᠪᠠᠷ ᠵᠤᠷᠢᠭᠳᠠᠢ ᠪᠠᠷ ᠲᠤᠰᠬᠠᠵᠤ ᠂ ᠭᠢᠨᠠᠮᠠᠭᠠᠢ ᠰᠠᠢᠳᠤᠷ ᠰᠢᠳᠪᠦᠷᠢᠯᠡᠳᠡᠭ ᠪᠤᠯᠬᠤᠷ ᠲᠤᠬᠠᠢ ᠶᠢᠨ ᠭᠠᠵᠠᠷ ᠤᠷᠤᠨ ᠤ ᠢᠶᠠᠨ ᠮᠠᠯᠴᠢᠳ ᠤᠨ ᠢᠳᠡᠭᠡᠯ ᠨᠠᠢᠳᠠᠯᠭ᠎ᠠ ᠶᠢ ᠤᠯᠤᠭᠰᠠᠨ ᠢᠶᠠᠷ ᠦᠯᠦ ᠪᠠᠷᠠᠮ ᠪᠦᠭᠦ ᠤᠷᠤᠨ ᠤ ᠪᠤᠰᠤᠳ ᠠᠢᠮᠠᠭ ᠬᠤᠳᠠ ᠶᠢᠨ ᠮᠠᠯᠴᠢᠳ ᠤᠨ ᠢᠳᠡᠭᠡᠯ ᠨᠠᠢᠳᠠᠯᠭ᠎ᠠ ᠶᠢ ᠴᠤ ᠭᠦᠯᠢᠶᠡᠵᠡᠢ ᠃ ᠵᠢᠯ ᠪᠦᠷᠢ ᠶᠢᠨ ᠤᠷᠤᠨ ᠤ ᠬᠤᠶᠠᠷ ᠬᠤᠷᠠᠯ ᠂ ᠤᠯᠤᠰ ᠤᠨ ᠬᠤᠶᠠᠷ ᠬᠤᠷᠠᠯ ᠪᠤᠯᠬᠤ ᠤᠢᠷᠠᠳᠤᠭᠰᠠᠭᠠᠷ ᠡᠷᠳᠡᠨᠢᠭᠡᠷᠡᠯ ᠦᠨ ᠠᠵᠢᠯ ᠨᠠᠩ ᠶᠠᠭᠠᠷᠠᠦ ᠪᠤᠯᠵᠤ ᠂ ᠡᠳᠦᠷᠵᠢᠨ ᠮᠠᠯᠴᠢᠳ ᠤᠨ ᠠᠰᠠᠭᠤᠳᠠᠯ ᠲᠤᠰᠬᠠᠭᠰᠠᠨ ᠤᠳᠠᠰᠤ ᠶᠢ ᠲᠤᠰᠴᠦ ᠂ ᠠᠯᠢᠨ ᠳ᠋ᠤᠨᠢ ᠴᠤ ᠬᠠᠭᠤᠮᠠᠭᠠᠢ ᠬᠠᠨᠳᠤᠯ ᠦᠭᠡᠢ ᠨᠠᠷᠢᠨ ᠭᠢᠨᠠᠮᠠᠭᠠᠢ ᠲᠡᠮᠳᠡᠭᠯᠡᠯ ᠭᠢᠳᠡᠭ ᠃ ᠭᠡᠭᠦ ᠳ᠋ᠡᠭᠡᠨ ᠲᠠᠷᠠ ᠭᠠᠭᠴᠡᠭᠦ ᠤᠳᠠᠰᠤ ᠲᠤᠰᠴᠦ ᠲᠡᠮᠳᠡᠭᠯᠡᠯ ᠭᠢᠭᠦ ᠳ᠋ᠤ ᠲᠦᠰᠢᠭᠯᠡᠨ ᠰᠠᠨᠠᠯ ᠲᠤᠷᠠᠳᠤᠯᠭ᠎ᠠ ᠪᠠᠨ ᠭᠠᠷᠭᠠᠳᠠᠭ ᠪᠢᠰᠢ ᠬᠠᠷᠢᠨ ᠵᠢᠯ ᠲᠤᠵᠢ ᠬᠠᠮᠢᠭ᠎ᠠ ᠤᠴᠢᠵᠤ ᠶᠠᠭᠤ ᠭᠢᠭᠰᠡᠨ ᠴᠦ ᠠᠷᠠᠳ ᠤᠨ ᠲᠦᠯᠦᠭᠡᠯᠡᠭᠴᠢ ᠭᠡᠳᠡᠭ ᠢᠶᠡᠨ ᠢᠮᠠᠭᠳᠠ ᠮᠠᠷᠳᠠᠯ ᠦᠭᠡᠢ ᠰᠠᠨᠠᠵᠤ ᠂ ᠪᠠᠢᠳᠠᠯ ᠢ ᠤᠢᠯᠠᠭᠠᠨ ᠂ ᠠᠰᠠᠭᠤᠳᠠᠯ ᠢ ᠯᠠᠪᠯᠠᠵᠤ ᠂ ᠬᠤᠶᠠᠷ ᠬᠤᠷᠠᠯ ᠲᠡᠭᠡᠷ᠎ᠠ ᠤᠷᠤᠰᠢᠵᠤ ᠪᠠᠢᠭ᠎ᠠ ᠠᠰᠠᠭᠤᠳᠠᠯ ᠢ ᠨᠠᠩ ᠦᠨᠡᠨ ᠮᠦᠨ ᠢᠶᠡᠷ ᠨᠠᠩ ᠭᠦᠨᠵᠡᠭᠡᠢ ᠲᠤᠰᠬᠠᠬᠤ ᠶᠢᠨ ᠲᠦᠯᠦᠭᠡ ᠴᠢᠷᠮᠠᠢᠵᠤ ᠪᠠᠢᠳᠠᠭ ᠃
 ᠡᠷᠳᠡᠨᠢᠭᠡᠷᠡᠯ ᠮᠦᠩᠭᠡᠳᠡᠮᠦᠷ ᠦᠨ ᠤᠬᠠᠭ᠎ᠠ ᠭᠦᠳᠡᠯᠮᠦᠷᠢ ᠪᠡᠷ ᠤᠳᠤ ᠲᠠᠳᠠᠨᠠᠢᠭᠢᠨ 1000 ᠭᠠᠷᠤᠢ ᠬᠤᠨᠢ 100ᠭᠠᠷᠤᠢ ᠦᠭᠡᠷ ᠲᠡᠢ ᠂ ᠭᠦᠳᠡᠭᠡ ᠳ᠋ᠤ ᠲᠤᠭᠤᠰᠬᠠᠨ ᠪᠠᠢᠰᠢᠩ ᠲᠠᠢ ᠂ ᠬᠤᠰᠢᠭᠤ ᠂ ᠠᠢᠮᠠᠭ ᠲᠤ ᠪᠦᠷ ᠠᠰᠠᠷ ᠪᠠᠢᠰᠢᠩ ᠲᠠᠢ ᠂ ᠭᠠᠳᠠᠭᠰᠢ ᠭᠠᠷᠬᠤ ᠡᠴᠠ ᠭᠦᠩᠭᠡᠨ ᠮᠠᠰᠢᠨ ᠲᠠᠢ ᠴᠢᠨᠡᠭᠡᠯᠢᠭ ᠠᠮᠢᠳᠤᠷᠠᠯ ᠲᠠᠢ ᠮᠠᠯᠴᠢᠨ ᠠᠢᠯ ᠪᠤᠯᠵᠠᠢ ᠃ ᠡᠷᠳᠡᠨᠢᠭᠡᠷᠡᠯ ᠦᠨ ᠬᠢᠨ ᠰᠢᠭ ᠬᠤᠳᠠ ᠭᠦᠳᠡᠭᠡ ᠪᠦᠷ ᠭᠡᠷ ᠲᠡᠢ ᠮᠠᠯᠴᠢᠨ ᠠᠢᠯ ᠪᠦᠭᠦ ᠰᠢᠯᠢ ᠶᠢᠨ ᠭᠤᠤᠯ ᠂ ᠪᠦᠭᠦ ᠤᠷᠤᠨ ᠳ᠋ᠤ ᠵᠠᠬ᠎ᠠ ᠡᠴᠠ ᠪᠠᠨ ᠪᠠᠢᠳᠠᠭ ᠃ 《ᠦᠩᠭᠡᠷᠡᠭᠰᠡᠨ ᠶᠠᠳᠠᠭᠤ ᠴᠠᠭ ᠲᠤ ᠦᠭᠡᠷ ᠬᠠᠰᠠᠭ ᠭᠡᠯᠢᠵᠤ ᠂ ᠦᠪᠦᠩ ᠭᠡᠷ ᠲᠦ ᠰᠠᠭᠤᠳᠠᠭ ᠪᠠᠢᠭᠰᠠᠨ ᠮᠠᠯᠴᠢᠳ ᠤᠨ ᠠᠮᠢᠳᠤᠷᠠᠯ 70 ᠵᠢᠯ ᠤᠨ ᠬᠤᠭᠤᠷᠤᠨᠳᠤ ᠨᠡᠭᠡᠷᠡᠨ ᠲᠡᠭᠷᠢ ᠭᠠᠵᠠᠷ ᠢ ᠲᠤᠩᠰᠤᠯᠭᠠᠮ᠎ᠠ ᠬᠤᠪᠢᠷᠠᠯᠳᠠ ᠭᠠᠷᠴᠠᠢ ᠃ ᠦᠨᠦᠳᠦᠷ ᠡᠢᠮᠦ ᠰᠠᠢᠬᠠᠨ ᠠᠮᠢᠳᠤᠷᠠᠨ᠎ᠠ ᠭᠡᠵᠤ ᠭᠡᠨ ᠴᠦ ᠪᠤᠳᠤᠵᠤ ᠤᠯᠤᠭᠰᠠᠨ ᠦᠭᠡᠢ ᠂ ᠡᠨᠡ ᠪᠤᠯ ᠪᠦᠷ ᠨᠠᠮ ᠵᠠᠰᠠᠭ ᠤᠨ ᠠᠴᠢ ᠰᠢᠦ ᠳ᠋ᠠ 》ᠭᠡᠵᠤ ᠡᠷᠳᠡᠨᠢᠭᠡᠷᠡᠯ ᠶᠠᠷᠢᠨ᠎ᠠ ᠃
 ᠲᠢᠶᠠᠨ ᠠᠨ ᠮᠧᠨ ᠲᠠᠯᠠᠪᠠᠢ ᠡᠴᠠ ᠡᠭᠢᠯᠡᠭᠰᠡᠨ ᠮᠠᠨ ᠤ ᠬᠠᠮ ᠵᠠᠭᠤᠴᠢᠯᠠᠭᠤᠷ ᠤᠨ ᠬᠢᠨ ᠤ ᠰᠤᠷᠪᠤᠯᠵᠢᠯᠠᠭ᠎ᠠ ᠡᠷᠳᠡᠨᠢᠪᠤᠯᠠᠭ ᠤᠨ ᠭᠦᠪᠡᠭᠡᠨ ᠳ᠋ᠤ ᠦᠨᠳᠦᠷᠯᠡᠭᠦ ᠡᠷᠡᠨ ᠳ᠋ᠤ ᠂ ᠭᠠᠴᠠᠭᠠᠨ ᠲᠠᠷᠤᠭ᠎ᠠ ᠶᠢᠨ ᠠᠵᠢᠯ ᠡᠴᠠ ᠪᠠᠨ ᠪᠠᠭᠤᠪᠠᠯ ᠂ ᠬᠤᠷᠰᠢᠶ᠎ᠠ ᠪᠠ ᠬᠤᠭᠤᠯᠠᠨ ᠭᠡᠷ ᠢᠶᠡᠨ ᠰᠠᠢᠳᠤᠷ ᠡᠷᠭᠢᠯᠡᠵᠤ ᠂ ᠮᠠᠯᠴᠢᠳ ᠢᠶᠠᠨ ᠲᠠᠭᠠᠭᠤᠯᠤᠨ ᠨᠠᠩ ᠴᠢᠨᠡᠭᠡᠯᠢᠭ ᠰᠠᠢᠬᠠᠨ ᠠᠮᠢᠳᠤᠷᠠᠯ ᠢ ᠴᠤᠭᠴᠠᠯᠠᠬᠤ ᠪᠠᠷ ᠴᠢᠷᠮᠠᠢᠨ᠎ᠠ ᠭᠡᠵᠤ ᠡᠷᠳᠡᠨᠢᠭᠡᠷᠡᠯ ᠲᠠᠷᠠᠭᠠᠴᠢ ᠶᠢᠨ ᠲᠦᠰᠦᠪ ᠦᠨ ᠢᠶᠡᠨ ᠲᠤᠬᠠᠢ ᠠᠯᠤᠰ ᠢ ᠪᠠᠷᠠᠯᠠᠨ ᠦᠭᠦᠯᠡᠨ᠎ᠠ ᠃
 ᠡᠷᠳᠡᠨᠢᠪᠤᠯᠠᠭ ᠤᠨ ᠲᠤᠩᠭᠠᠯᠠᠭ ᠤᠰᠤᠨ ᠬᠠᠪᠤᠷ ᠤᠨ ᠨᠠᠷᠠᠨ ᠤ ᠲᠤᠶᠠᠭᠠᠨ ᠳ᠋ᠤ ᠬᠢᠯᠠᠰᠤᠨ ᠂ ᠠᠶᠠᠰ ᠤᠨ ᠰᠠᠯᠭᠢᠨ ᠳ᠋ᠤ ᠠᠶᠠᠷ ᠲᠤᠯᠭᠢᠶᠠᠯᠠᠨ ᠂ ᠰᠢᠨ᠎ᠠ ᠴᠠᠭ ᠤᠨ ᠰᠢᠨ᠎ᠠ ᠮᠠᠯᠴᠢᠨ ᠤ ᠵᠢᠷᠭᠠᠯᠳᠤ ᠲᠤᠤᠯᠢ ᠶᠢ ᠬᠠᠢᠯᠠᠨ ᠬᠠᠢᠯᠠᠨ ᠤᠷᠤᠰᠤᠨ᠎ᠠ᠃
  ᠢᠷᠡᠯᠳᠡ᠄ ᠠᠷᠠᠳ ᠤᠨ ᠰᠦᠯᠵᠢᠶ᠎ᠡ

从草原来到天安门广场

“从草原来到天安门广场,高举金杯把赞歌唱”。这是在草原上广为流传的一首歌,到天安门广场看一看也是牧民群众的美好愿望。额日登格日勒实现了这个愿望。从阿巴嘎草原深处来到天安门广场,她走进北京人民大会堂,以内蒙古牧民代表的身份参政议政。
 每当泉水开封、草尖吐翠的时候,额日登格日勒就着手准备一年当中最为重要的工作——奔赴北京。
 绿色蒙古袍、白色头巾是额日登格日勒的标配,预示着草原永远翠绿,蓝天白云永相伴。2013年,额日登格日勒提出草原生态保护的建议,那一年是她第一次参加全国两会。
别力古台镇别力古台社区的民居里,额日登格日勒的父母家人围坐在电视机旁,目不转睛地看着两会直播。看着佩戴代表证、满脸微笑的女儿,父亲达拉哈扎佈的眼眶湿润了。
 “从草原到天安门是我们牧民几代人的梦想,我的格日勒不仅去了天安门,还代表牧民参加全国两会,共商国是,真是做梦也想不到啊!”
 “可不是嘛!女儿和国家领导人握手问好,这对咱牧民来说是何等的荣耀啊!”……
 10年间,在额日登格日勒的带领下,额尔登宝拉格嘎查摘掉了“贫困帽”,走上了致富路。
 通过民主选举,她先后当上了苏木、旗、自治区乃至全国人大代表。当选自治区和全国人大代表后,她深知肩上的担子有多重,走到哪里就工作到哪里,为每年的两会建议和议案做准备。
 带着几代牧民的嘱托,额日登格日勒从草原来到了天安门广场。这是一名普通牧民享受党的民族政策、通过人民代表大会制度成为一名人大代表的成长之路,更是人民当家作主的真实体现。
 最近她又建立了合作社,名叫“伊特格乐”,汉语的意为“诚信”。合作社由5家牧户组成,专为旗里的伊特格乐餐厅供肉,纯天然无污染的绿色羊肉受到广大消费者的喜爱,餐厅的每月收入高达数万元。下一步她打算拉更多的牧户加入合作社,带领牧民一起发家致富。
 女嘎查长,苏木、旗、自治区、全国人大代表,在家人的支持和陪伴下,额日登格日勒一路走来,离实现自己的梦想越来越近。
 今年全国两会的分组讨论会现场,额日登格日勒大胆反映信贷难、牧民收入下降、草原生态恶化等牧区存在的严重问题,引起了自治区领导的高度重视和人民群众的广泛关注。
 去年,额日登格日勒陪同中央有关部门人员在我区进行食品安全调研。她反映的关于牛羊肉价格下降的问题得到有关领导的高度重视,随即派出专门调研组关注此事。
 额尔登格日勒具体问题具体分析,胆大心细,说干就干的风格得到了广大牧民群众的信任。每年的全区、全国两会前,她都会异常忙碌。接电话,做笔记,下乡调研,了解情况,为了把牧区存在的问题反映给中央,她时刻不敢忘记自己是一名人大代表,深知责任的重大。
 在额日登格日勒和孟和特木尔共同的努力下,她家现在有1000多只羊、100多头牛;在牧区有砖瓦房,旗里盟里有楼房,出行有汽车。在锡林郭勒盟乃至在全区,像额日登格日勒这样在城市和草原都有房子的“现代牧民”不在少数。过去,赶着勒勒车、住在毡房里的牧民的生活在70年间发生了翻天覆地的变化。
 额尔登宝拉格的泉水在阳光的照耀和春风的吹拂下静静地流淌着,诉说着新时期新牧民新的传奇。
 来源:中国民族宗教网

Posted in ᠵᠤᠴᠢᠨ ᠬᠤᠢ᠌ᠮᠤᠷ| 每日嘉宾 and tagged .