ᠲᠡᠯᠡᠭᠡᠢ ᠲᠡᠭᠡᠷᠡᠬᠢ ᠬᠠᠮᠤᠭ ᠤᠨ ᠦᠨᠳᠤᠷ ᠨᠠᠰᠤᠲᠠᠨ ᠤ ᠨᠡᠷᠡᠰ ᠦᠨ· 世界最长寿老人排名 前十名中一半为日本人

ᠲᠡᠯᠡᠭᠡᠢ ᠲᠡᠭᠡᠷᠡᠬᠢ ᠬᠠᠮᠤᠭ ᠤᠨ ᠦᠨᠳᠤᠷ ᠨᠠᠰᠤᠲᠠᠨ ᠤ ᠨᠡᠷᠡᠰ ᠦᠨ ᠵᠢᠭᠰᠠᠭᠠᠯᠲᠠ ᠵᠢᠨ ᠡᠮᠦᠨ᠎ᠡ ᠠᠷᠪᠠ ᠵᠢᠨ ᠬᠠᠭᠠᠰ ᠨᠢ ᠶᠠᠫᠤᠨ ᠬᠦᠮᠦᠨ ᠪᠤᠯᠤᠨ᠎ᠠ

ᠬᠢᠨᠢᠰ ᠤᠨ ᠲᠡᠯᠡᠭᠡᠢ ᠵᠢᠨ ᠲᠡᠮᠳᠡᠭᠯᠡᠯ ᠡᠴᠡ ᠨᠤᠲᠠᠯᠠᠭᠰᠠᠨ ᠲᠡᠯᠡᠭᠡᠢ ᠵᠢᠨ ᠬᠠᠮᠤᠭ ᠤᠨ ᠦᠨᠳᠤᠷ ᠨᠠᠰᠤᠲᠠᠨ ᠢᠲ᠋ᠠᠯᠢ ᠡᠮᠡᠭᠲᠠᠢ ᠠᠢᠮᠠ · ᠮᠤᠷᠠᠨᠤ 15 ᠤ ᠡᠳᠤᠷ ᠢᠲ᠋ᠠᠯᠢ ᠵᠢᠨ ᠬᠤᠢᠳᠤ ᠬᠡᠰᠡᠭ ᠦᠨ ᠸᠧᠷᠪᠠᠨᠢᠶ᠎ᠠ ᠳ᠋ᠡᠬᠢ ᠭᠡᠷ ᠲᠡᠭᠡᠨ ᠨᠠᠰᠤ ᠪᠠᠷᠠᠵᠠᠢ ᠂ 117 ᠨᠠᠰᠤᠯᠠᠵᠠᠢ ᠃

ᠲᠡᠬᠦᠨ ᠢ ᠨᠠᠰᠤ ᠪᠠᠷᠠᠭᠰᠠᠨ ᠤ ᠲᠠᠷᠠᠭ᠎ᠠ 1900 ᠤᠨ ᠤ 3 ᠰᠠᠷ᠎ᠠ ᠵᠢᠨ 10 ᠤ ᠡᠳᠤᠷ ᠲᠦᠷᠦᠭᠰᠡᠨ ᠵᠠᠮᠠᠢᠺᠠ ᠡᠮᠡᠭᠡᠨ ᠸᠢᠤᠯᠠᠢᠲ ·ᠪᠦᠯᠠᠩ ᠲᠡᠯᠡᠭᠡᠢ ᠲᠡᠭᠡᠷᠡᠬᠢ ᠬᠠᠮᠤᠭ ᠤᠨ ᠦᠨᠳᠤᠷ ᠨᠠᠰᠤᠲᠠᠨ ᠪᠤᠯᠵᠠᠢ ᠃

ᠠᠮᠧᠷᠢᠺᠠ ᠵᠢᠨ ᠦᠳᠡᠬᠦᠰ ᠦᠨ ᠰᠤᠳᠤᠯᠤᠯ ᠤᠨ ᠰᠤᠳᠤᠯᠭᠠᠨ ᠤ ᠪᠦᠯᠬᠦᠮ ᠦᠨ ᠪᠠᠢᠴᠠᠭᠠᠯᠲᠠ ᠵᠢ ᠦᠨᠳᠦᠰᠦᠯᠡᠪᠡᠯ ᠂ ᠸᠢᠤᠯᠠᠢᠲ · ᠪᠦᠯᠠᠩ ᠡᠴᠡ ᠲᠠᠪᠤᠨ ᠰᠠᠷ᠎ᠠ ᠲᠡᠬᠦᠦ ᠶᠠᠫᠤᠨ ᠤ ᠺᠠᠭᠣᠰᠢᠮᠨ ᠰᠢᠶᠠᠨ ᠤ ᠰᠢ ᠵᠢᠶᠸ ᠳ᠋ᠢᠩ ᠤᠨ 116 ᠨᠠᠰᠤᠲᠠᠢ ᠲᠢᠶᠠᠨ ᠳ᠋ᠤᠤ nabi ᠲᠡᠯᠡᠭᠡᠢ ᠵᠢᠨ ᠦᠨᠳᠤᠷ ᠨᠠᠰᠤᠲᠠᠨ ᠤ ᠵᠢᠭᠰᠠᠭᠠᠯᠲᠠ ᠳ᠋ᠤ ᠬᠤᠶᠠᠳᠤᠭᠠᠷ ᠲᠤ ᠤᠷᠤᠵᠤ ᠪᠠᠢᠨ᠎ᠠ ᠃

ᠲᠤᠰ ᠰᠤᠳᠤᠯᠭᠠᠨ ᠤ ᠪᠦᠯᠬᠦᠮ ᠦᠨ ᠪᠦᠷᠢᠳᠭᠡᠭᠰᠡᠨ ᠲᠡᠯᠡᠭᠡᠢ ᠵᠢᠨ ᠬᠠᠮᠤᠭ ᠤᠨ ᠦᠨᠳᠤᠷ ᠨᠠᠰᠤᠲᠠᠨ ᠤ ᠨᠡᠷᠡᠰ ᠦᠨ ᠵᠢᠭᠰᠠᠭᠠᠯᠲᠠ ᠵᠢᠨ ᠡᠮᠦᠨ᠎ᠡ ᠠᠷᠪᠠ ᠲᠤᠳᠤᠷ᠎ᠠ ᠲᠠᠪᠤᠨ ᠶᠠᠫᠤᠨ ᠬᠦᠮᠦᠨ ᠪᠠᠢᠨ᠎ᠠ ᠃

ᠡᠬᠦᠨ ᠡᠴᠡ ᠡᠮᠦᠨ᠎ᠡ ᠲᠡᠯᠡᠭᠡᠢ ᠵᠢᠨ ᠡᠷᠡᠬᠦᠯ ᠬᠠᠮᠠᠭᠠᠯᠠᠯ ᠤᠨ ᠵᠤᠬᠢᠶᠠᠨ ᠪᠠᠢᠭᠤᠯᠤᠯᠲᠠ
(WHO)ᠵᠢᠨ ᠬᠢᠭᠰᠡᠨ 《ᠲᠡᠯᠡᠭᠡᠢ ᠵᠢᠨ ᠡᠷᠡᠬᠦᠯ ᠬᠠᠮᠠᠭᠠᠯᠠᠯ ᠤᠨ ᠪᠦᠷᠢᠳᠭᠡᠯ 》 ᠤᠨ ᠳ᠋ᠦᠩ ᠡᠴᠡ ᠦᠵᠡᠪᠡᠯ ᠂ ᠶᠠᠫᠤᠨ ᠬᠦᠮᠦᠨ ᠦ ᠲᠤᠮᠳᠠᠴᠢ ᠨᠠᠰᠤᠨ ᠬᠤᠳᠤᠭ 83 -- 87 ᠨᠠᠰᠤ ᠬᠦᠷᠴᠦ ᠂ ᠲᠡᠯᠡᠭᠡᠢ ᠵᠢᠨ ᠲᠡᠷᠢᠬᠦᠨ ᠳ᠋ᠤ ᠤᠷᠤᠵᠤ ᠪᠤᠢ ᠃

ᠪᠦᠬᠦ ᠲᠡᠯᠡᠭᠡᠢ ᠳ᠋ᠤ ᠠᠪᠴᠦ ᠬᠡᠯᠡᠪᠡᠯ ᠂ ᠡᠮᠡᠭᠲᠠᠢᠴᠤᠳ ᠤᠨ ᠲᠤᠮᠳᠠᠴᠢ ᠨᠠᠰᠤᠨ ᠬᠤᠳᠤᠭ ᠨᠢ ᠬᠠᠷᠢᠴᠠᠩᠭᠤᠢ ᠨᠡᠯᠢᠶᠡᠳ ᠤᠷᠳᠤ ᠪᠠᠢᠵᠤ ᠂ ᠡᠮᠦᠨ᠎ᠡ ᠠᠷᠪᠠᠨ ᠲᠦᠷᠪᠡ ᠳ᠋ᠤ ᠵᠢᠭᠰᠠᠭᠠᠭᠳᠠᠵᠤ ᠪᠠᠢᠬᠤ  ᠨᠢ ᠴᠦᠮ ᠡᠮᠡᠭᠲᠠᠢ ᠬᠦᠮᠦᠨ ᠪᠤᠯᠤᠨ᠎ᠠ ᠃

ᠤᠳᠤᠬᠠᠨ ᠤ ᠲᠡᠯᠡᠭᠡᠢ ᠲᠡᠭᠡᠷᠡᠬᠢ ᠬᠠᠮᠤᠭ ᠤᠨ ᠦᠨᠳᠤᠷ ᠨᠠᠰᠤᠲᠠᠢ ᠡᠷᠡᠭᠲᠠᠢ ᠪᠤᠯ ᠫᠤᠯᠠᠨᠲ ᠳᠤ ᠲᠦᠷᠦᠭᠰᠡᠨ 113 ᠨᠠᠰᠤᠲᠠᠢ ᠢᠰᠷᠧᠯ ᠨᠠᠰᠤᠲᠠᠨ ᠢᠰᠯᠡᠢᠷ ᠂ ᠺᠷᠢᠰᠲ᠋ᠠᠯ ᠪᠤᠯᠤᠨ᠎ᠠ ᠂ ᠬᠤᠶᠠᠳᠤᠭᠠᠷ ᠤᠳᠠᠭᠠᠨ ᠤ ᠲᠡᠯᠡᠭᠡᠢ ᠵᠢᠨ ᠲᠠᠢᠨ ᠤ ᠦᠶ᠎ᠡ ᠳ᠋ᠤ ᠲᠡᠷᠡ ᠨᠡᠼᠢᠰ ᠦᠨ ᠲᠤᠢᠪᠯᠡᠷᠡᠬᠦᠯᠦᠠ ᠬᠤᠷᠢᠬᠤ ᠭᠠᠵᠡᠷ ᠲᠦ ᠬᠤᠷᠢᠭᠳᠠᠵᠤ ᠦᠩᠭᠡᠷᠡᠵᠠᠢ ᠃

ᠢᠷᠡᠯᠲᠡ ᠄ ᠠᠷᠠᠳ ᠤᠨ ᠰᠦᠯᠵᠢᠶ᠎ᠡ

世界最长寿老人排名 前十名中一半为日本人

吉尼斯世界纪录认定的世界最长寿老人意大利女性艾玛·莫拉诺于15日在意大利北部韦尔巴尼亚的自己家中去世,享年117岁。

在她去世之后,出生于1900年3月10日的牙买加老妪维奥莱特·布朗成为了世界上最长寿的老人。

据美国老年学研究团队调查,比维奥莱特·布朗年龄小五个月的日本鹿儿岛县喜界町116岁的田岛nabi在世界长寿榜位居第二位。

该研究团队统计的世界最长寿老人排行榜上,前十名中共有五名是日本人。

此前世界卫生组织(WHO)进行的“世界卫生统计”结果显示,日本人的平均寿命为83- 87岁,位居世界第一。

就全球而言,女性的平均寿命相对较长,排名前十四位都是女性。

而目前世界上最长寿男性是一位在波兰出生的113岁以色列老人伊斯雷尔·克里斯塔尔,在二战期间他曾被关进纳粹集中营。

来源:新华网

Posted in ᠴᠢᠯᠤᠭᠡᠲᠦ ᠴᠠᠭ |茶余饭后 and tagged .