《ᠮᠣᠩᠭ᠋ᠤᠯ ᠬᠤᠭᠤᠯᠠ ᠢᠳᠡᠬᠡᠨ》ᠳᠤᠮᠳᠠᠳᠤ ᠤᠯᠤᠰ ᠤᠨ ᠵᠠᠭᠤᠰᠢ ᠶᠢᠨ ·中国第九大菜系”蒙餐菜系”正式问世

《ᠮᠣᠩᠭ᠋ᠤᠯ ᠬᠤᠭᠤᠯᠠ ᠢᠳᠡᠬᠡᠨ》ᠳᠤᠮᠳᠠᠳᠤ ᠤᠯᠤᠰ ᠤᠨ ᠵᠠᠭᠤᠰᠢ ᠶᠢᠨ ᠰᠢᠰᠲ᠋ᠧᠮ ᠤᠨ ᠶᠢᠰᠦᠳᠦᠭᠡᠷ ᠲᠤ ᠵᠢᠬᠰᠠᠭᠠᠭᠳᠠᠪᠠ

ᠳᠤᠮᠳᠠᠳᠤ ᠤᠯᠤᠰ ᠤᠨ ᠤᠮᠠᠷᠠᠲᠤ ᠤᠷᠤᠨ ᠳᠤ ᠤᠷᠤᠰᠢᠵᠤ ᠪᠠᠶᠢᠭ᠎ᠠ ᠥᠪᠦᠷ ᠮᠣᠩ᠌ᠭᠤᠯ ᠤᠨ ᠥᠪᠡᠷᠲᠡᠬᠡᠨ ᠵᠠᠰᠠᠬᠤ ᠤᠷᠤᠨ ᠲᠠᠯ᠎ᠠ ᠨᠤᠲᠤᠭ ᠤᠨ ᠦᠨᠳᠤᠰᠤᠲᠠᠨ ᠤ ᠰᠤᠶᠤᠯ ᠢᠶᠡᠷ ᠦᠯᠡᠮᠵᠢ ᠪᠠᠶᠠᠯᠢᠭ ᠪᠠᠶᠢᠳᠠᠭ᠃ ᠮᠡᠷᠭᠡᠵᠢᠯᠲᠠᠨ ᠤ ᠦᠵᠡᠬᠦ ᠪᠡᠷ᠂ ᠪᠤᠬᠢᠷᠳᠤᠯ ᠦᠬᠡᠢ᠂ ᠡᠷᠡᠬᠦᠯ ᠮᠡᠨᠳᠤ᠂ ᠰᠢᠮ᠎ᠠ ᠲᠠᠵᠢᠬᠡᠯ ᠲᠠᠢ ᠤᠳᠤᠬᠢᠴᠢᠯᠠᠭᠰᠠᠨ ᠢᠳᠡᠬᠡᠨ ᠤᠮᠳᠠᠭᠠᠨ ᠤ ᠵᠠᠷᠴᠢᠮ ᠢ ᠡᠷᠬᠢᠮᠯᠡᠨ ᠪᠠᠶᠢᠭ᠎ᠠ ᠡᠨᠡᠬᠦ ᠡᠷᠢᠨ ᠳᠤ᠂ ᠮᠣᠩ᠋ᠭᠤᠯ ᠬᠤᠭᠤᠯᠠ ᠢᠳᠡᠭᠡᠨ ᠳᠤᠮᠳᠠᠳᠤ ᠤᠯᠤᠰ ᠤᠨ ᠶᠢᠰᠦᠳᠦᠭᠡᠷ ᠵᠠᠭᠤᠰᠢ ᠶᠢᠨ ᠰᠢᠰᠲ᠋ᠧᠮ ᠪᠤᠯᠬᠤ ᠨᠢ ᠶᠠᠷᠢᠶᠠᠨ ᠦᠬᠡᠢ᠃

ᠠᠯᠪᠠᠨ ᠤ ᠮᠡᠳᠡᠭᠡᠯᠡᠯ ᠡᠴᠡ ᠤᠶᠢᠯᠠᠭᠠᠭᠰᠠᠨ ᠢᠶᠡᠷ᠂ ᠤᠳᠤᠬᠠᠨ ᠳᠤ ᠳᠤᠮᠳᠠᠳᠤ ᠤᠯᠤᠰ ᠤᠨ ᠱᠠᠨᠳᠦ᠋ᠩ᠂ ᠵᠢᠶᠠᠩᠰᠤ᠂ ᠭᠤᠧᠠᠩᠳᠦ᠋ᠩ᠂ ᠰᠧᠴᠤᠧᠠᠨ᠂ ᠵᠧᠵᠢᠶᠠᠩ᠂ ᠹᠦᠵᠢᠶᠠᠨ᠂ ᠬᠤᠨᠠᠨ᠂ ᠠᠨᠾᠦ᠋ᠢ ᠵᠠᠭᠤᠰᠢ ᠵᠡᠷᠭᠡ  《 ᠨᠠᠶ᠋ᠮᠠᠨ ᠵᠠᠭᠤᠰᠢ ᠶᠢᠨ ᠰᠢᠰᠲ᠋ᠧᠮ 》 ᠨᠢ ᠳᠡᠯᠡᠬᠡᠢ ᠳᠤ ᠠᠯᠳᠠᠷ ᠲᠠᠢ᠃ ᠥᠨᠦ᠂《ᠮᠣᠩᠭ᠋ᠤᠯ ᠬᠤᠭᠤᠯᠠ ᠢᠳᠡᠬᠡᠨ》ᠳᠤᠮᠳᠠᠳᠤ ᠤᠯᠤᠰ ᠤᠨ ᠵᠠᠭᠤᠰᠢ ᠶᠢᠨ ᠰᠢᠰᠲ᠋ᠧᠮ ᠤᠨ ᠶᠢᠰᠦᠳᠦᠭᠡᠷ ᠲᠤ ᠵᠢᠬᠰᠠᠭᠠᠭᠳᠠᠪᠠ ᠃ ᠲᠤᠭ᠎ᠠ ᠪᠠᠷᠢᠮᠲᠠ ᠶᠢ ᠦᠨᠳᠤᠰᠤᠯᠠᠪᠠᠯ᠂ ᠥᠪᠦᠷ ᠮᠣᠩ᠌ᠭᠤᠯ ᠤᠨ ᠮᠣᠩᠭ᠋ᠤᠯ ᠬᠤᠭᠤᠯᠠ ᠢᠳᠡᠬᠡᠨ ᠤ ᠪᠦᠲᠦᠬᠡᠭ᠍ᠳᠡᠬᠦᠨ ᠨᠢᠬᠡᠨᠲᠠ ᠭᠠᠳᠠᠭᠠᠲᠤ ᠶᠢᠨ ᠵᠠᠬ᠎ᠠ ᠵᠡᠭᠡᠯᠢ ᠳᠤ ᠮᠡᠳᠡᠷᠡᠭᠳᠡᠵᠤ᠂ ᠲᠤᠮᠤ ᠬᠡᠪᠴᠢᠶᠠᠨ ᠤ ᠬᠤᠭᠤᠯᠠᠨ ᠭᠡᠷ ᠠᠳᠠᠭ ᠲᠤ ᠪᠡᠨ 40 ᠪᠤᠯᠵᠤ ᠪᠤᠢ᠃

ᠢᠷᠡᠯᠳᠡ᠄ ᠳᠤᠮᠳᠠᠳᠤ ᠤᠯᠤᠰ ᠤᠨ ᠰᠣᠨᠢᠨ ᠮᠡᠳᠡᠭᠡᠨ ᠤ ᠨᠧᠲ

中国第九大菜系”蒙餐菜系”正式问世

位于中国正北方的内蒙古自治区,具有博大厚重的草原民族文化。专家认为,在崇尚绿色、健康、营养的现代餐饮理念的今天,蒙餐极具竞争力,成为中国第九大菜系水到渠成。

官方消息称,中国目前闻名于世的是包括鲁、苏、粤、川、浙、闽、湘、徽等在内的“八大菜系”,如今随着蒙餐一跃成为中国第九大菜系,必将推动餐饮业的变局。数据显示,目前内蒙古的蒙餐产品,已在海外市场生根发芽,已有至少40家大型饭店,内蒙古也成为在国外开饭店最多的地区之一。

Posted in ᠲᠠᠨᠭᠰᠤᠭ ᠢᠳᠡᠭᠡᠨ |舌尖美味 and tagged .