ᠡᠷᠢᠶᠡᠨ ᠬᠤᠳᠠ ᠢᠨ ᠲᠡᠮᠡᠭᠡᠨ ᠲᠠᠯᠯᠠᠭ᠎ᠠ ᠢᠨ ᠨᠠᠢᠷ ᠡᠷᠬᠢᠯᠡᠨ ᠶᠠᠪᠤᠠᠠᠳᠠᠭᠣᠯᠪᠠ 二连浩特市举办骆驼招福仪式

 

ᠡᠷᠢᠶᠡᠨ ᠬᠤᠳᠠ ᠢᠨ《ᠬᠠᠩᠭᠠᠢ᠂ ᠰᠦᠨᠢᠳ ᠲᠡᠮᠡᠭᠡᠨ ᠦ ᠬᠤᠷᠰᠢᠶᠠᠵᠢᠯ》ᠡᠴᠠ ᠲᠦᠷᠪᠡᠳᠡᠬᠢ ᠤᠳᠠᠭᠠᠨ ᠤ ᠲᠡᠮᠡᠭᠡᠨ ᠲᠠᠯᠯᠠᠭ᠎ᠠ ᠢᠨ ᠨᠠᠢᠷ ᠡᠷᠬᠢᠯᠡᠨ ᠶᠠᠪᠤᠠᠠᠳᠠᠭᠣᠯᠪᠠ

ᠲᠦᠮᠡᠨ ᠪᠤᠳᠠᠰ ᠠᠮᠢᠯᠠᠨ ᠰᠡᠷᠭᠦᠭᠰᠡᠨ ᠬᠠᠪᠤᠷ ᠤᠨ ᠭᠤᠷᠪᠠᠨ ᠰᠠᠷ᠎ᠠ ᠳ᠋ᠤ᠂ ᠡᠷᠢᠶᠡᠨ ᠬᠤᠳᠠ ᠢᠨ ᠭᠡᠷᠡᠯᠳᠦᠡᠣᠳᠤ ᠰᠣᠮᠣᠨ ᠤ ᠲᠤᠯᠢ ᠭᠠᠴᠠᠭᠠᠨ ᠳ᠋ᠥ᠂ 《ᠬᠠᠩᠭᠠᠢ᠂ ᠰᠦᠨᠢᠳ ᠲᠡᠮᠡᠭᠡᠨ ᠦ ᠬᠤᠷᠰᠢᠶᠠᠵᠢᠯ》ᠡᠴᠠ ᠭᠤᠤᠯᠯᠠᠨ ᠡᠷᠬᠢᠯᠡᠭᠰᠡᠨ ᠲᠦᠷᠪᠡᠳᠡᠬᠢ ᠣᠳᠠᠭᠠᠨ ᠤ ᠲᠡᠮᠡᠭᠡᠨ ᠲᠠᠯᠯᠠᠭ᠎ᠠ ᠢᠨ ᠨᠠᠢᠷ ᠬᠦᠷ ᠬᠦᠭᠵᠢᠶᠠᠨ ᠲᠠᠢ ᠶᠠᠪᠤᠭᠳᠠᠵᠦ᠂ ᠦᠨᠳᠦᠰᠦᠳᠡᠨ ᠦ ᠤᠤᠭᠠᠯ ᠰᠣᠶᠣᠯ ᠢᠶᠠᠨ ᠣᠯᠠᠮᠵᠢᠯᠠᠨ ᠲᠡᠯᠭᠡᠷᠡᠬᠦᠯᠵᠦ᠂ ᠮᠠᠨᠯᠴᠢᠨ ᠲᠦᠮᠡᠨ ᠢᠶᠡᠨ ᠪᠠᠶᠠᠰᠬᠠᠭᠰᠠᠨ ᠨᠢᠵᠢᠭᠡᠷ ᠨᠠᠭᠠᠳᠣᠮ ᠪᠣᠯᠣᠭᠰᠠᠨ ᠪᠠᠢᠨ᠎ᠠ᠃
  ᠲᠡᠮᠡᠭᠡᠨ ᠲᠠᠯᠯᠠᠭ᠎ᠠ ᠭᠡᠳᠡᠭ ᠨᠢ ᠠᠩᠬ᠎ᠠ ᠡᠬᠢᠯᠡᠵᠦ ᠢᠩᠭᠡ ᠪᠤᠳᠤᠭᠯᠠᠬᠤ ᠦᠶ᠎ᠡ ᠳ᠋ᠥ ᠠᠩᠬᠠᠨ ᠤ ᠪᠤᠳᠤᠭᠤ ᠪᠠᠷ ᠪᠠᠨ ᠮᠠᠯ ᠤᠨ ᠢᠠᠨ ᠬᠡᠰᠢᠭ ᠪᠤᠶᠠᠨ ᠢ ᠬᠤᠷᠠᠢᠯᠠᠨ ᠲᠠᠯᠯᠠᠵᠦ᠂ ᠪᠦᠳᠦᠨ ᠨᠢᠭᠡ ᠵᠢᠯ ᠤᠨ ᠠᠵᠢᠯ ᠠᠮᠢᠳᠣᠷᠠᠯ ᠤᠨ ᠢᠠᠨ ᠦᠭᠡᠳᠡ ᠡᠰᠡᠷᠡᠭ᠂ ᠲᠠᠪᠤᠨ ᠬᠤᠰᠢᠭᠤ ᠮᠠᠯ ᠤᠨ ᠢᠶᠠᠨ ᠦᠨᠢᠷ ᠦᠰᠦᠯᠳᠠ ᠵᠢ ᠪᠡᠯᠭᠡᠳᠡᠨ ᠲᠠᠯᠯᠠᠳᠠᠭ ᠡᠢᠮᠦ ᠰᠠᠢᠬᠠᠨ ᠲᠡᠤᠬᠡ ᠰᠤᠶᠤᠯ ᠶᠤᠮ᠃ ᠲᠡᠮᠡᠭᠡᠨ ᠲᠠᠯᠠᠯᠭ᠎ᠠ ᠢᠨ ᠨᠠᠢᠷ ᠨᠠᠭᠠᠳᠣᠮ ᠢ ᠡᠷᠢᠶᠡᠨ ᠬᠤᠳᠠ ᠵᠢᠨ ᠭᠡᠷᠡᠯᠳᠦᠡᠣᠳᠦ ᠰᠤᠮᠤᠨ ᠤ ᠲᠦᠷᠪᠡᠨ ᠮᠠᠯᠵᠢᠬᠤ ᠭᠠᠴᠠᠭᠠᠨ ᠤ ᠬᠢᠨ ᠡᠭᠡᠯᠵᠢᠯᠡᠨ ᠬᠢᠵᠦ᠂ ᠡᠨᠡ ᠵᠢᠯ ᠲᠦᠷᠪᠡᠳᠤᠬᠢ ᠤᠳᠠᠭ᠎ᠠ ᠪᠤᠯᠵᠦ ᠪᠠᠢᠨ᠎ᠠ᠃ ᠲᠡᠮᠡᠭᠡᠨ ᠲᠠᠯᠠᠯᠭ᠎ᠠ ᠢᠨ ᠨᠠᠭᠠᠳᠣᠮ ᠶᠠᠪᠤᠭᠳᠠᠬᠤ ᠰᠣᠷᠠᠭ ᠢᠠᠷ ᠲᠦᠷᠪᠡᠨ ᠵᠦᠭ ᠨᠠᠢᠮᠠᠨ ᠵᠤᠪᠬᠢᠰ ᠡᠴᠠ ᠬᠦᠷᠦᠯᠴᠡᠨ ᠢᠷᠡᠭᠰᠡᠨ ᠮᠠᠯᠴᠢᠳ ᠮᠠᠨᠢ ᠦᠨᠳᠤᠰᠤᠳᠡᠨ ᠤ ᠲᠡᠪᠡᠯ ᠵᠠᠰᠠᠯ ᠢᠶᠠᠷ ᠢᠶᠠᠨ ᠭᠤᠶᠤᠯᠠᠵᠦ᠂ ᠮᠤᠩᠭᠤᠯ ᠶᠤᠰᠦ ᠵᠠᠩᠰᠢᠯ ᠢᠶᠠᠷ ᠢᠶᠠᠨ ᠢᠳᠡᠭᠡᠨ ᠦ ᠲᠡᠭᠡᠵᠢ ᠪᠡᠨ ᠭᠠᠯ ᠳ᠋ᠠᠭᠠᠨ ᠡᠷᠬᠦᠵᠦ᠂ ᠬᠦᠵᠢ ᠵᠤᠯᠨ ᠠᠰᠠᠭᠠᠨ᠂ ᠢᠷᠦᠭᠡᠯ ᠣᠩᠰᠢᠵᠦ᠂ ᠬᠠᠮᠳᠦ ᠪᠡᠷ ᠪᠡᠨ ᠠᠵᠢᠯ ᠠᠮᠢᠳᠣᠷᠠᠯ ᠤᠨ ᠢᠠᠨ ᠦᠭᠡᠳᠡ ᠡᠰᠡᠷᠡᠭ᠂ ᠲᠠᠪᠤᠨ ᠬᠤᠰᠢᠭᠤ ᠮᠠᠯ ᠤᠨ ᠢᠶᠠᠨ ᠦᠨᠢᠷ ᠦᠰᠦᠯᠳᠠ ᠵᠢ ᠪᠡᠯᠭᠡᠳᠡᠨ ᠲᠠᠯᠠᠯᠤᠭᠰᠠᠨ ᠪᠠᠢᠨ᠎ᠠ᠃ ᠡᠷᠢᠶᠡᠨ ᠬᠤᠳᠠ ᠢᠨ《ᠬᠠᠩᠭᠠᠢ᠂ ᠰᠦᠨᠢᠳ ᠲᠡᠮᠡᠭᠡᠨ ᠦ ᠬᠤᠷᠰᠢᠶᠠᠵᠢᠯ 》ᠨᠢ 2014ᠣᠨ ᠡᠴᠠ ᠡᠬᠢᠯᠡᠨ ᠲᠡᠮᠡᠭᠡᠨ ᠲᠠᠯᠠᠯᠭ᠎ᠠ ᠢᠨ ᠨᠠᠭᠠᠳᠣᠮ ᠵᠢ ᠵᠤᠬᠢᠶᠠᠨ ᠪᠠᠢᠭᠤᠯᠵᠦ᠂ ᠦᠨᠦ ᠪᠤᠯᠬᠤ ᠳ᠋ᠥ ᠦᠪᠦᠷ ᠮᠤᠩᠭᠤᠯ ᠤᠨ ᠦᠪᠡᠷᠳᠡᠭᠡᠨ ᠵᠠᠰᠠᠬᠤ ᠣᠷᠣᠨ ᠤ ᠲᠡᠰ ᠦᠨ ᠪᠤᠳᠠᠰ ᠤᠨ ᠪᠤᠰᠦ ᠰᠣᠶᠣᠯ ᠤᠨ ᠦᠪ ᠳ᠋ᠥ ᠪᠦᠷᠢᠳᠬᠡᠭᠦᠯᠦᠭᠰᠡᠨ ᠲᠡᠮᠡᠭᠡᠨ ᠲᠠᠯᠠᠯᠭ᠎ᠠ ᠢᠨ ᠨᠠᠢᠷ ᠨᠠᠭᠠᠳᠣᠮ ᠪᠤᠯᠤᠭᠰᠠᠨ ᠪᠠᠢᠨ᠎ᠠ᠃
      ᠢᠷᠡᠯᠳᠡ᠄ ᠳᠤᠮᠳᠠᠳᠤ ᠤᠯᠤᠰ ᠤᠨ ᠮᠤᠨᠭᠭᠤᠯ ᠷᠠᠳᠢᠤ᠋ ᠰᠦᠯᠵᠢᠶ᠎ᠡ

 

二连浩特市举办“杭盖•苏尼特骆驼合作社”骆驼招福仪式

近日,二连浩特市杭盖•苏尼特骆驼合作社举行第四届骆驼招福仪式。
  仪式上,进行了祭火、诵经、上祭火贡品、祈福消灾等民俗活动,举办了赛马、赛骆驼、搏克、射箭等比赛。
  蒙古族视驼为生活的源泉、精神的支柱,崇拜它、祭祀它,在春暖迈青,驼群繁殖的季节,牧民们举行骆驼祈福仪式,向火神祈祷,招福消灾,祈盼驼群为自己带来更多的幸福和快乐。
活动吸引了市民及周边各嘎查牧民,观看的人数达两千人。
    来源:二连浩特新闻网 

 
Posted in ᠤᠷᠤᠨ ᠨᠤᠲᠤᠭ ᠤᠨ ᠮᠡᠳᠡᠭᠡ ᠵᠠᠩᠬᠢ |农牧信息 and tagged .