《ᠬᠤᠪᠢᠯᠠᠢ ᠰᠡᠴᠡᠨ ᠬᠠᠭᠠᠨ》ᠤᠯᠠᠨ ᠠᠩᠭᠢᠳᠤ ᠺᠢᠨᠣ᠋ ᠤᠨ·大型电视历史剧《忽必烈》举行媒体见面会

 

《ᠬᠤᠪᠢᠯᠠᠢ ᠰᠡᠴᠡᠨ ᠬᠠᠭᠠᠨ》ᠤᠯᠠᠨ ᠠᠩᠭᠢᠳᠤ ᠺᠢᠨᠣ᠋ ᠤᠨ ᠰᠤᠨᠢᠨ ᠮᠡᠳᠡᠭᠡ ᠨᠡᠢᠳᠡᠯᠡᠬᠦ ᠬᠤᠷᠠᠯ ᠪᠡᠭᠡᠵᠢᠩ ᠳ᠋ᠥ ᠪᠤᠯᠪᠠ

ᠦᠪᠦᠷ ᠮᠤᠩᠭᠤᠯ ᠤᠨ ᠲᠠᠯ᠎ᠠ ᠨᠤᠲᠤᠭ ᠤᠨ ᠰᠤᠶᠤᠯ ᠢ ᠬᠠᠮᠠᠭᠠᠯᠠᠨ ᠭᠦᠭᠵᠢᠬᠦᠯᠬᠦ ᠰᠠᠩ ᠠᠴᠠ ᠭᠤᠤᠯᠯᠠᠨ ᠡᠷᠬᠢᠯᠡᠭᠰᠡᠨ《 ᠬᠤᠪᠢᠯᠠᠢ ᠰᠡᠴᠡᠨ ᠬᠠᠭᠠᠨ》ᠰᠡᠳᠦᠪᠳᠤ ᠦᠢᠯᠡ ᠠᠵᠢᠯᠯᠠᠭ᠎ᠠ 2017 ᠣᠨ ᠤ 3 ᠰᠠᠷ᠎ᠠ ᠶᠢᠨ 11 ᠳ᠋ᠥ ᠪᠡᠭᠡᠵᠢᠩ ᠬᠤᠳᠠ ᠳ᠋ᠥ ᠪᠤᠯᠤᠯ᠎ᠠ᠃
   ᠲᠤᠰ ᠦᠢᠯᠡ ᠠᠵᠢᠯᠯᠠᠭ᠎ᠠ ᠳ᠋ᠥ ᠶᠤᠧᠠᠨ ᠬᠦᠷᠦᠨ ᠦ ᠰᠡᠳᠦᠪᠳᠤ《ᠵᠡᠭᠦᠳᠦᠨ ᠦ ᠨᠡᠢᠰᠯᠡᠯ》ᠲᠠᠭᠤᠷᠢ ᠶᠢᠨ ᠠᠩᠬᠠᠨ ᠤ ᠲᠤᠭᠯᠠᠯᠳᠠ᠂ 《ᠬᠤᠪᠢᠯᠠᠢ ᠰᠡᠴᠡᠨ ᠬᠠᠭᠠᠨ》ᠤᠯᠠᠨ ᠠᠩᠭᠢᠳᠤ ᠺᠢᠨᠣ᠋ ᠤᠨ ᠰᠤᠨᠢᠨ ᠮᠡᠳᠡᠭᠡ ᠨᠡᠢᠳᠡᠯᠡᠬᠦ ᠪᠠᠭ᠎ᠠ ᠬᠤᠷᠠᠯ᠂ ᠠᠷᠪᠠ ᠶᠢᠰᠦᠳᠦᠭᠡᠷ ᠬᠤᠭᠤᠴᠠᠭᠠᠨ ᠤ ᠲᠤᠮᠳᠠᠳᠣ ᠣᠯᠣᠰ ᠤᠨ ᠲᠠᠯ᠎ᠠ ᠨᠤᠲᠤᠭ ᠤᠨ ᠰᠤᠶᠤᠯ ᠤᠨ ᠮᠡᠷᠭᠡᠳ ᠦᠨ ᠴᠢᠭᠤᠯᠭᠠᠨ ᠵᠡᠷᠭᠡ ᠠᠭᠤᠯᠭ᠎ᠠ ᠶᠢ ᠳᠤᠬᠢᠷᠠᠭᠤᠯᠵᠠᠢ᠃ ᠲᠤᠰ ᠦᠢᠯᠡ ᠠᠵᠢᠯᠯᠠᠭ᠎ᠠ ᠨᠢ ᠲᠡᠦᠭᠡᠳᠣ ᠬᠦᠮᠦᠨ ᠬᠤᠪᠢᠯᠠᠢ ᠬᠠᠭᠠᠨ ᠤ ᠲᠤᠮᠳᠠᠳᠣ ᠣᠯᠣᠰ ᠵᠢᠴᠢ ᠲᠡᠯᠡᠬᠡᠢ ᠶᠢᠨ ᠬᠦᠮᠦᠨ ᠲᠦᠷᠦᠯᠬᠢᠳᠡᠨ ᠦ ᠲᠡᠦᠬᠡᠨ ᠭᠦᠭᠵᠢᠯᠳᠡ ᠳ᠋ᠥ ᠦᠵᠡᠬᠦᠯᠦᠭᠰᠡᠨ ᠬᠤᠪᠢ ᠨᠡᠮᠡᠷᠢ ᠶᠢ ᠡᠷᠳᠡᠮ ᠰᠢᠨᠵᠢᠯᠡᠭᠡ᠂ ᠲᠠᠭᠤᠤ ᠪᠦᠵᠢᠭ᠂ ᠺᠢᠨᠣ᠋ ᠵᠦᠴᠦᠬᠡ ᠪᠡᠷ ᠲᠠᠮᠵᠢᠭᠤᠯᠤᠨ ᠬᠠᠷᠠᠭᠤᠯᠬᠤ ᠶᠢ ᠵᠤᠷᠢᠭᠰᠠᠨ ᠪᠠᠢᠨ᠎ᠠ᠃
  ᠲᠠᠭᠤᠷᠢ《ᠵᠡᠭᠦᠳᠦᠨ ᠦ ᠨᠡᠢᠰᠯᠡᠯ》 ᠢ ᠠᠮᠧᠷᠢᠺᠠ ᠶᠢᠨ ᠨᠡᠷᠡᠳᠣ ᠲᠠᠭᠤᠷᠢ ᠶᠢᠨ ᠵᠤᠬᠢᠶᠠᠯᠴᠢ ᠳ᠋ᠣᠨ ᠹᠷᠠᠨᠼᠧ( Don Frantz)᠂ ᠲᠣᠨᠧᠢ ᠰᠧᠲ᠋ᠢᠮᠧᠺ(Tony Stimac) ᠨᠠᠷ ᠰᠢᠯᠢ ᠶᠢᠨ ᠭᠤᠤᠯ ᠠᠢᠮᠠᠭ ᠤᠨ ᠤᠷᠠᠯᠢᠭ ᠤᠨ ᠪᠦᠯᠬᠦᠮ ᠦᠨ ᠬᠡᠰᠢᠬᠦᠳ ᠦᠨ ᠬᠠᠮᠳᠤ ᠵᠤᠬᠢᠶᠠᠨ ᠪᠦᠳᠦᠬᠡᠵᠠᠢ᠃ ᠲᠠᠭᠤᠷᠢ ᠳ᠋ᠥ ᠬᠤᠪᠢᠯᠠᠢ ᠬᠠᠭᠠᠨ ᠤ ᠰᠠᠢᠳ ᠮᠡᠷᠭᠡᠳ ᠢ ᠦᠨᠳᠦᠰᠦᠳᠡᠨ᠂ ᠱᠠᠰᠢᠨ ᠰᠤᠷᠳᠠᠬᠤᠨ᠂ ᠭᠠᠷᠤᠯ ᠢᠶᠠᠷ ᠨᠢ ᠪᠢᠰᠢ ᠬᠠᠷᠢᠨ ᠤᠬᠠᠭᠠᠨ ᠪᠢᠯᠢᠭ ᠢᠶᠠᠷ ᠨᠢ ᠡᠯᠰᠡᠨ ᠬᠡᠷᠡᠭᠯᠡᠳᠡᠭ ᠠᠭᠤᠳᠠᠮᠴᠢ ᠪᠤᠳᠤᠯᠭ᠎ᠠ ᠶᠢ ᠮᠠᠭᠳᠠᠨ ᠲᠠᠭᠤᠯᠠᠵᠦ᠂ ᠶᠤᠧᠠᠨ ᠤ ᠲᠡᠭᠡᠳᠣ ᠨᠡᠢᠰᠯᠡᠯ ᠢ ᠪᠦᠳᠦᠭᠡᠨ ᠪᠠᠢᠭᠤᠯᠵᠦ᠂ ᠡᠬᠡ ᠬᠠᠭᠤᠷᠠᠢ ᠪᠤᠯᠤᠨ ᠲᠠᠯᠠᠢ ᠲᠡᠭᠡᠷᠡᠬᠢ ᠲᠤᠷᠭᠠᠨ ᠤ ᠵᠠᠮ ᠢ ᠡᠬᠦᠰᠭᠡᠨ ᠪᠠᠢᠭᠤᠯᠤᠭᠰᠠᠨ ᠭᠠᠪᠢᠶ᠎ᠠ ᠵᠢᠳᠬᠦᠯ ᠢ ᠬᠠᠷᠠᠭᠤᠯᠪᠠ᠃
  《 ᠬᠤᠪᠢᠯᠠᠢ ᠰᠡᠴᠡᠨ ᠬᠠᠭᠠᠨ》ᠣᠯᠠᠨ ᠠᠩᠭᠢᠳᠤ ᠺᠢᠨᠣ᠋ ᠤᠨ ᠶᠡᠷᠦᠩᠭᠡᠢ ᠤᠳᠤᠷᠢᠳᠤᠭᠠᠴᠢ ᠪᠠᠷ ᠨᠡᠷᠡᠳᠣ ᠤᠳᠤᠷᠢᠳᠤᠭᠠᠴᠢ ᠬᠤᠧᠠᠩ ᠵᠢᠶᠠᠨ ᠵᠦᠩ ᠠᠵᠢᠯᠯᠠᠵᠤ᠂ ᠺᠢᠨᠤ ᠳ᠋ᠤ ᠬᠤᠪᠢᠯᠠᠢ ᠬᠠᠭᠠᠨ ᠤ ᠨᠢᠭᠡ ᠨᠠᠰᠤᠨ ᠤ ᠬᠢᠨᠢ ᠲᠡᠦᠬᠡᠳᠣ ᠦᠢᠯᠡ ᠶᠠᠪᠤᠳᠠᠯ ᠢ ᠲᠤᠰᠬᠠᠵᠤ᠂ ᠭᠠᠪᠢᠶ᠎ᠠ ᠵᠢᠳᠬᠦᠯ ᠢ ᠨᠢ ᠮᠠᠭᠳᠠᠨ ᠲᠠᠭᠤᠯᠠᠬᠤ ᠶᠢ ᠵᠤᠷᠢᠵᠠᠢ᠃
      ᠢᠷᠡᠯᠳᠡ᠄ ᠳᠤᠮᠳᠠᠳᠤ ᠤᠯᠤᠰ ᠤᠨ ᠮᠤᠨᠭᠭᠤᠯ ᠷᠠᠳᠢᠤ᠋ ᠰᠦᠯᠵᠢᠶ᠎ᠡ

大型电视历史剧《忽必烈》举行媒体见面会

中国网3月13日讯(记者苏娜,实习记者朱源)3月11日,由内蒙古草原文化保护发展基金会主办的“大都集结令--走近忽必烈”系列活动在北京市通州区宋庄镇疃里“北京乾元驿”拉开帷幕。
   本次活动包括:音乐剧《梦之都》面世首演,大型电视历史剧《忽必烈》、电影《察必皇后》、电影《闪电烈马》北京站媒体见面会,第十九届中国草原文化百家论坛,及纪录片《元上都在行动》征求意见会等。
   本次活动围绕忽必烈这位历史人物,通过舞台、影视、学术研究等不同形式,向社会呈现其对中国乃至世界人类历史发展所做出的贡献。音乐剧《梦之都》由来自美国百老汇的著名音乐剧制作人Don Frantz(董方思)、Tony Stimac(托尼)等,携手内蒙古锡林郭勒等本土艺术团体成员共同打造,讲述了忽必烈不分民族和宗教,招贤纳士,与天下人共建元上都,并开通陆上和海上丝绸之路的心路历程。
   历史正剧《忽必烈》,由黄健中先生担任总导演,展示了忽必烈以海纳百川的开阔胸怀,广泛吸收不同先进文化,以“天下就是苍生”的理念治理国家,向观众展现了忽必烈及他治理下的元王朝在政治、经济、军事文化、科学技术、对外交往交流等方面对人类文明和历史发展所做出的贡献。
                  来源: 中国网

Posted in ᠰᠤᠶᠤᠯ ᠤᠷᠠᠯᠢᠭ |文化信息 and tagged .