《ᠰᠡᠷᠭᠦᠯᠡᠩ ᠪᠦᠪᠡᠢ》ᠠᠩᠬᠠᠨ ᠤ ᠬᠦᠮᠦᠵᠢᠯ ᠦᠨ ᠪᠢᠴᠢᠭ᠌蒙古语识字全能卡书

《ᠰᠡᠷᠭᠦᠯᠡᠩ ᠪᠦᠪᠡᠢ》ᠠᠩᠬᠠᠨ ᠤ ᠬᠦᠮᠦᠵᠢᠯ ᠦᠨ ᠪᠢᠴᠢᠭ᠌

ᠰᠤᠷᠭᠠᠭᠤᠯᠢ ᠶᠢᠨ ᠨᠠᠰᠤᠨ ᠡᠴᠡ ᠡᠮᠦᠨᠡᠬᠢ ᠡᠷᠪᠡᠢ ᠵᠢᠭᠠᠯ ᠤᠳ ᠤᠨ ᠠᠩᠬᠠᠨ ᠤ ᠬᠦᠮᠦᠵᠢᠯ ᠦᠨ ᠪᠢᠴᠢᠭ᠌ ᠪᠤᠯᠤᠭᠰᠠᠨ《ᠰᠡᠷᠭᠦᠯᠡᠩ ᠪᠦᠪᠡᠢ》ᠬᠡᠮᠡᠬᠦ ᠳᠦᠷᠪᠡᠨ ᠳᠡᠪᠳᠡᠷ ᠵᠢᠷᠤᠭᠳᠤ ᠨᠤᠮ ᠢ ᠲᠦᠷᠦᠭᠦᠬᠡᠨ ᠥᠪᠥᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶᠠᠨ ᠠᠴᠠ ᠬᠡᠪᠯᠡᠭᠦᠯᠦᠨ ᠲᠠᠷᠬᠠᠭᠠᠯ᠎ᠠ᠃
  ᠲᠣᠰ ᠠᠩᠬᠠᠨ ᠤ ᠬᠦᠮᠦᠵᠢᠯ ᠦᠨ ᠪᠢᠴᠢᠭ᠌ ᠲᠤ《ᠠᠮᠢᠲᠠᠨ ᠢ ᠲᠠᠨᠢᠬᠤ》᠂《ᠲᠣᠭ᠎ᠠ ᠲᠠᠨᠢᠬᠤ》᠂《ᠥᠩᠭᠡ ᠬᠡᠯᠪᠡᠷᠢ ᠳᠦᠷᠰᠦ ᠲᠠᠨᠢᠬᠤ》᠂《ᠵᠢᠮᠢᠰ ᠢᠳᠡᠰᠢᠨ ᠨᠣᠭᠣᠭ᠎ᠠ ᠲᠠᠨᠢᠬᠤ》ᠵᠡᠷᠭᠡ ᠳᠥᠷᠪᠡᠨ ᠨᠣᠮ ᠪᠠᠭᠲᠠᠯᠴᠠᠵᠤ ᠲᠣᠰ ᠲᠣᠰ ᠳᠥᠴᠢ ᠭᠠᠷᠤᠢ ᠠᠮᠢᠲᠠᠨ᠂ ᠲᠣᠭ᠎ᠠ᠂ ᠥᠩᠭᠡ ᠪᠠ ᠬᠡᠯᠪᠡᠷᠢ ᠳᠦᠷᠰᠦ᠂ ᠵᠢᠮᠢᠰ ᠪᠠ ᠢᠳᠡᠰᠢᠨ ᠨᠣᠭᠣᠭ᠎ᠠ ᠪᠠᠷ ᠰᠡᠳᠦᠪᠯᠡᠨ᠂ ᠡᠳᠡᠬᠡᠷ ᠲᠠᠢ ᠬᠠᠷᠠᠭᠠᠯᠵᠠᠭᠰᠠᠨ ᠴᠡᠪᠡᠷ ᠲᠣᠳᠣ᠂ ᠠᠮᠢᠳᠤᠯᠢᠭ ᠰᠠᠶᠢᠬᠠᠨ ᠵᠢᠷᠦᠬ ᠳᠦᠷᠰᠦ ᠶᠢ ᠬᠠᠪᠰᠤᠷᠭᠠᠵᠠᠢ᠃ ᠡᠳᠡᠬᠡᠷ ᠤᠨ ᠢᠶᠡᠨ ᠨᠡᠷ᠎ᠡ ᠶᠢ  ᠪᠠᠰᠠ ᠮᠣᠩᠭᠣᠯ᠂ ᠬᠢᠲᠠᠳ᠂ ᠠᠩᠭ᠍ᠯᠢ᠂ ᠺᠢᠷᠢᠯ ᠳᠥᠷᠪᠡᠨ ᠳᠦᠷᠦᠯ ᠤᠨ ᠦᠰᠦᠭ ᠢᠶᠡᠷ ᠬᠠᠵᠠᠭᠤ ᠳᠤ ᠨᠢ ᠬᠠᠳᠠᠭᠰᠠᠨ ᠪᠠᠶᠢᠨ᠎ᠠ᠃
  《ᠰᠡᠷᠭᠦᠯᠡᠩ ᠪᠦᠪᠡᠢ》ᠨᠣᠮ ᠳᠤ ᠠᠮᠢᠯᠠᠭᠤᠯᠤᠭᠰᠠᠨ ᠠᠷᠢᠶᠠᠳᠠᠨ ᠠᠮᠢᠲᠠᠨ ᠪᠤᠯᠤᠨ ᠵᠢᠮᠢᠰ ᠢᠳᠡᠰᠢᠨ ᠨᠣᠭᠣᠭ᠎ᠠ᠂ ᠥᠩᠭᠡ ᠪᠤᠳᠤᠭ ᠬᠡᠯᠪᠡᠷᠢ ᠳᠦᠷᠰᠦ᠂ ᠲᠣᠭ᠎ᠠ ᠵᠡᠷᠬᠡ ᠨᠢ ᠬᠡᠤᠬᠡᠳ ᠤᠳ ᠤᠨ ᠬᠠᠷᠠᠭᠠᠨ ᠰᠠᠷᠠᠯ ᠳᠤ ᠰᠡᠳᠡᠯᠲᠡ ᠥᠭᠴᠦ ᠠᠷᠢᠶᠠᠳᠠᠨ ᠠᠮᠢᠲᠠᠨ᠂ ᠲᠣᠭ᠎ᠠ᠂ ᠥᠩᠭᠡ ᠪᠤᠳᠤᠭ ᠬᠡᠯᠪᠡᠷᠢ ᠳᠦᠷᠰᠦ ᠪᠤᠯᠤᠨ ᠵᠢᠮᠢᠰ ᠢᠳᠡᠰᠢᠨ ᠨᠣᠭᠣᠭ᠎ᠠ ᠶᠢᠨ ᠲᠤᠬᠠᠢ ᠣᠶᠢᠯᠠᠭᠠᠭᠳᠠᠬᠤᠨ ᠲᠠᠢ ᠪᠣᠯᠭᠠᠨ᠂ ᠲᠡᠭᠦᠨ ᠦ ᠲᠤᠬᠠᠢ ᠰᠤᠷᠤᠯᠴᠠᠬᠤ ᠤᠷᠮ᠎ᠠ ᠪᠠᠬ᠎ᠠ ᠶᠢ ᠨᠢ ᠬᠥᠭᠵᠢᠭᠡᠵᠦ ᠨᠡᠩ ᠴᠢᠨᠠᠭᠰᠢᠯᠠᠨ ᠣᠶᠤᠨ ᠤᠬᠠᠭᠠᠨ ᠢ ᠨᠢ ᠨᠡᠭᠡᠭᠡᠭᠳᠡᠭᠦᠯᠬᠦ ᠳᠦ ᠶᠡᠬᠡᠬᠡᠨ ᠠᠴᠢ ᠲᠤᠰᠠ ᠲᠠᠢ᠃ ᠡᠶᠢᠮᠦ ᠶᠢᠨ ᠳᠤᠯᠠ ᠲᠣᠰ ᠨᠣᠮ 0-3 ᠨᠠᠰᠤᠨ ᠤ ᠥᠰᠪᠦᠷᠢ ᠶᠢᠨ ᠬᠡᠦᠬᠡᠳ ᠤᠳ ᠤᠨ ᠬᠤᠪᠢ ᠳᠤ ᠳᠤᠲᠠᠭᠳᠠᠵᠤ ᠪᠣᠯᠣᠰᠢ ᠦᠭᠡᠢ ᠠᠩᠬᠠᠨ ᠤ ᠬᠦᠮᠦᠵᠢᠯ ᠦᠨ ᠲᠠᠨᠢᠨ ᠮᠡᠳᠡᠬᠦᠢ ᠶᠢᠨ ᠪᠢᠴᠢᠭ᠌ ᠪᠤᠯᠤᠨ᠎ᠠ᠃
     ᠢᠷᠡᠯᠳᠡ᠄ ᠠᠷᠠᠳ ᠤᠨ ᠰᠦᠯᠵᠢᠶ᠎ᠡ

蒙古语识字全能卡书

内容包括色彩,水果,动物,数字等蒙汉英三种语。

Posted in ᠨᠤᠮ ᠳ᠋ᠤ ᠮᠦᠷᠭᠦᠶ᠎ᠡ |好书推荐 and tagged .