ᠲᠡᠯᠡᠬᠡᠢ ᠶᠢᠨ ᠡᠷᠡᠭᠦᠯ ᠬᠠᠮᠠᠭᠠᠯᠠᠯ ᠤᠨ ᠲᠤᠰᠬᠠᠢ ᠮᠡᠷᠭᠡᠵᠢᠯᠲᠡᠨ ᠄ H7N9· 专家:H7N9禽流感病毒可持续性人际传播风险低

 

ᠲᠡᠯᠡᠬᠡᠢ ᠶᠢᠨ ᠡᠷᠡᠭᠦᠯ ᠬᠠᠮᠠᠭᠠᠯᠠᠯ ᠤᠨ ᠲᠤᠰᠬᠠᠢ ᠮᠡᠷᠭᠡᠵᠢᠯᠲᠡᠨ ᠄ H7N9 ᠵᠢᠭᠦᠷᠲᠡᠨ ᠦ ᠬᠠᠯᠳᠠᠪᠤᠷᠢᠲᠤ ᠲᠠᠭᠰᠢᠭᠤᠷ ᠤᠨ ᠸᠢᠷᠦᠰ ᠦᠨ ᠬᠦᠮᠦᠰ ᠦᠨ ᠬᠤᠭᠤᠷᠤᠨᠳᠤ ᠦᠷᠭᠦᠯᠵᠢᠯᠡᠬᠦ ᠴᠢᠨᠠᠷᠲᠠᠢ ᠬᠠᠯᠳᠠᠪᠤᠷᠢᠯᠠᠬᠤ ᠪᠤᠯᠤᠯᠴᠠᠭ᠎ᠠ ᠲᠤᠤᠷ᠎ᠠ ᠪᠠᠢᠨ᠎ᠠ

ᠲᠡᠯᠡᠬᠡᠢ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠢᠭᠤᠯᠤᠯᠲᠠ ᠶᠢᠨ《ᠪᠦᠬᠦ ᠪᠦᠮᠪᠦᠷᠴᠡᠭ ᠤᠨ ᠬᠢᠵᠢᠭ ᠲᠠᠭᠰᠢᠭᠤᠷ  ᠤᠨ ᠲᠥᠷᠦᠯ ᠵᠦᠢᠯ 》ᠤᠨ ᠬᠠᠷᠢᠭᠤᠴᠠᠯᠭᠠᠲᠠᠨ ᠵᠠᠩ ᠸᠧᠨ ᠴᠢᠩ ᠣᠢᠷ᠎ᠠ ᠶᠢᠨ ᠡᠳᠦᠷ ᠵᠧᠨᠧᠧᠠ ᠳ᠋ᠥ ᠳᠤᠮᠳᠠᠳᠤ ᠤᠯᠤᠰ ᠤᠨ H7N9ᠵᠢᠬᠦᠷᠲᠡᠨ ᠦ ᠬᠠᠯᠳᠠᠪᠤᠷᠢᠲᠤ ᠲᠠᠭᠰᠢᠭᠤᠷ ᠤᠨ ᠬᠡᠵᠢᠭ ᠤᠨ ᠬᠠᠮᠤᠭ ᠤᠨ ᠰᠢᠨ᠎ᠡ ᠪᠠᠢᠳᠠᠯ ᠢ ᠵᠠᠷᠯᠠᠬᠤ ᠳ᠋ᠠᠭᠠᠨ ᠵᠢᠭᠠᠵᠦ ᠭᠠᠷᠭᠠᠭᠰᠠᠨ ᠨᠢ ᠄ ᠲᠤᠰ ᠤᠳᠠᠭᠠᠨ ᠤ H7N9 ᠬᠢᠵᠢᠭ ᠤᠨ ᠸᠢᠷᠦᠰ ᠲᠣ ᠰᠢᠨ᠎ᠡ ᠢᠯᠡᠷᠡᠯ ᠭᠠᠷᠴᠠᠢ ᠂ ᠭᠡᠲᠡᠯ᠎ᠡ ᠶᠡᠷᠥᠩᠬᠡᠢ ᠳ᠋ᠥ ᠪᠡᠨ ᠸᠢᠷᠦᠰ ᠦᠨ ᠦᠷᠭᠦᠯᠵᠢᠯᠡᠬᠦ ᠴᠢᠨᠠᠷᠲᠠᠢ ᠬᠦᠮᠦᠨ ᠦ ᠬᠤᠭᠤᠷᠤᠨᠳᠤ ᠬᠠᠯᠳᠠᠪᠤᠷᠢᠯᠠᠬᠤ ᠠᠶᠤᠯ ᠲᠤᠤᠷ᠎ᠠ ᠶᠤᠮ ᠭᠡᠵᠡᠢ ᠃
  H7N9 ᠬᠡᠵᠢᠭ ᠤᠨ ᠪᠠᠢᠳᠠᠯ ᠡᠴᠠ ᠭᠠᠳᠠᠨ᠎ᠠ ᠂ ᠵᠢᠭᠦᠷᠲᠡᠨ ᠦ ᠬᠡᠵᠢᠭ  ᠤᠨ ᠸᠢᠷᠦᠰ H5 ᠲᠡᠳ᠋ ᠬᠡᠯᠪᠡᠷᠢ  ᠶᠢᠨ ᠳᠣᠲᠣᠷᠠᠬᠢ H5N1᠂ H5N2᠂ H5N3᠂ H5N5᠂ H5N6 ᠪᠤᠯᠤᠨ H5N9 ᠶᠢᠨ ᠸᠢᠷᠦᠰ ᠦᠷᠭᠦᠯᠵᠢᠯᠡᠨ ᠵᠢᠭᠦᠷᠲᠡᠨ ᠦ ᠲᠤᠮᠳᠠ ᠬᠠᠯᠳᠠᠪᠤᠷᠢᠯᠠᠭᠰᠠᠨ ᠴᠤ H5 ᠲᠡᠳ᠋ ᠬᠡᠯᠪᠡᠷᠢ ᠶᠢᠨ ᠸᠢᠷᠦᠰ  ᠤᠨ ᠬᠦᠮᠦᠰ  ᠤᠨ ᠬᠤᠭᠤᠷᠤᠨᠳᠤ ᠬᠠᠯᠳᠠᠪᠤᠷᠢᠯᠠᠬᠤ ᠠᠶᠤᠯ ᠮᠦᠨ ᠲᠤᠤᠷ᠎ᠠ ᠶᠤᠮ ᠭᠡᠵᠦ ᠵᠠᠩ ᠸᠧᠨ ᠴᠢᠩ ᠵᠢᠭᠠᠵᠦ ᠭᠠᠷᠭᠠᠪᠠ ᠃
  ᠵᠠᠩ ᠸᠧᠨ ᠴᠢᠩ ᠬᠡᠯᠡᠬᠦ ᠳ᠋ᠥ ᠪᠡᠨ ᠂ ᠲᠡᠯᠡᠬᠡᠢ ᠶᠢᠨ ᠡᠷᠡᠭᠦᠯ ᠬᠠᠮᠠᠭᠠᠯᠠᠯ ᠤᠨ ᠵᠤᠬᠢᠶᠠᠨ ᠪᠠᠢᠭᠤᠯᠤᠯᠲᠠ ᠶᠢᠨ ᠵᠢᠭᠦᠷᠲᠡᠨ ᠦ ᠬᠡᠵᠢᠭ ᠢ ᠰᠡᠷᠭᠡᠢᠯᠡᠬᠦ ᠰᠠᠨᠠᠭᠤᠯᠭ᠎ᠠ ᠶᠡᠷᠦ ᠡᠴᠠ ᠬᠤᠪᠢᠷᠠᠭᠰᠠᠨ ᠦᠭᠡᠢ᠂ ᠤᠯᠠᠨ ᠲᠦᠮᠡᠨ ᠠᠯᠢ ᠴᠢᠳᠠᠬᠤ ᠪᠠᠷ ᠵᠢᠭᠦᠷᠲᠡᠨ ᠲᠡᠵᠢᠭᠡᠨ ᠦᠷᠡᠵᠢᠭᠦᠯᠬᠦ ᠲᠠᠯᠠᠪᠠᠢ ᠪᠤᠶᠤ ᠠᠮᠢᠳᠤ ᠪᠠᠷ ᠪᠤᠷᠤᠯᠠᠭᠤᠯᠬᠤ ᠬᠤᠳᠠᠯᠳᠤᠭᠠᠨ ᠤ ᠲᠠᠯᠠᠪᠠᠢ ᠡᠴᠠ ᠵᠠᠢᠯᠠᠵᠤ ᠂ ᠵᠢᠭᠦᠷᠲᠡᠨ ᠠᠯᠠᠵᠦ ᠨᠢᠲᠤᠯᠬᠤ ᠤᠷᠴᠢᠨ ᠳ᠋ᠥ ᠤᠷᠤᠬᠤ ᠦᠭᠡᠢ ᠪᠠᠢᠵᠤ ᠂ ᠵᠢᠭᠦᠷᠲᠡᠨ ᠦ ᠢᠯᠭᠠᠳᠠᠰᠤ ᠵᠡᠷᠭᠡ ᠪᠤᠳᠠᠰ ᠲᠠᠢ ᠤᠢᠷᠠᠳᠬᠤ ᠡᠴᠠ ᠵᠠᠢᠯᠠᠰᠬᠢᠬᠦ ᠬᠡᠷᠡᠭᠲᠡᠢ ᠃ ᠡᠭᠦᠨ ᠡᠴᠠ ᠭᠠᠳᠠᠨ᠎ᠠ ᠂ ᠬᠤᠪᠢ ᠪᠡᠶ᠎ᠡ ᠶᠢᠨ ᠭᠠᠷ ᠤᠨ ᠠᠷᠢᠭᠤᠨ ᠴᠡᠪᠡᠷ ᠬᠢᠭᠡᠳ ᠢᠳᠡᠭᠡᠨ ᠦ ᠠᠮᠤᠷ ᠲᠦᠪᠰᠢᠨ ᠦ ᠲᠦᠷᠢᠮᠵᠢᠯ  ᠢ ᠵᠢᠷᠤᠮᠯᠠᠵᠦ ᠂ ᠭᠠᠷ ᠢᠶᠠᠨ ᠦᠷᠭᠦᠯᠵᠢ ᠰᠠᠪᠤᠩ ᠢᠶᠠᠷ ᠤᠭᠢᠶᠠᠨ ᠂ ᠬᠠᠨᠢᠶᠠᠬᠤ ᠪᠤᠶᠤ ᠨᠠᠢᠲᠠᠭᠠᠬᠤ ᠳ᠋ᠠᠭᠠᠨ ᠠᠮᠠ ᠬᠠᠮᠠᠷ  ᠢᠶᠠᠨ ᠬᠠᠯᠬᠠᠯᠠᠵᠦ ᠂ ᠵᠢᠭᠦᠷᠲᠡᠨ ᠦ ᠮᠢᠬ᠎ᠠ ᠦᠨᠳᠡᠭᠡ ᠶᠢ ᠢᠳᠡᠬᠦ ᠳ᠋ᠥ ᠪᠡᠨ ᠵᠠᠪᠠᠯ ᠭᠦᠢᠴᠡᠳ ᠪᠤᠯᠭᠤᠭᠠᠬᠤ ᠬᠡᠷᠡᠭᠲᠡᠢ ᠭᠡᠵᠡᠢ ᠃
     ᠢᠷᠡᠯᠳᠡ᠄ ᠠᠷᠠᠳ ᠤᠨ ᠰᠦᠯᠵᠢᠶ᠎ᠡ

专家:H7N9禽流感病毒可持续性人际传播风险低

世界卫生组织“全球流感项目”负责人张文庆近日在日内瓦通报中国H7N9禽流感疫情的最新情况时指出,本轮疫情中发现的H7N9病毒出现了新特征,但总体来说病毒可持续性人际传播风险低。
  张文庆指出,除H7N9疫情外,禽流感病毒H5亚型中的H5N1、H5N2、H5N3、H5N5、H5N6与H5N9病毒继续在禽类中传播,H5亚型可持续性人际传播的风险仍然低。
  张文庆表示,世卫组织对禽流感病毒的防控建议未曾改变,公众应尽可能避免接触禽类养殖场与活禽市场,不要进入宰杀活禽的区域,避免接触被禽类或其他动物排泄物污染的物品表面。此外,个人应遵循良好的手部卫生清洁和食品安全规范,使用肥皂洗手,咳嗽或打喷嚏时遮挡口鼻,烹煮禽肉、禽蛋类食物时完全煮熟。
  来源:人民网

 
Posted in ᠡᠮ ᠡᠮᠨᠡᠯᠭᠡ ᠡᠷᠡᠭᠦᠯᠵᠢᠯ|医疗保健 and tagged .