ᠤᠤᠯ ᠤᠨ ᠬᠦᠳᠡᠬᠡ 从前的草原

ᠤᠤᠯ ᠤᠨ ᠬᠦᠳᠡᠬᠡ       

   ᠤᠷᠲᠤᠨᠠᠰᠤᠨ 
ᠤᠤᠯ ᠤᠨ ᠨᠡᠢᠬᠡᠮ 
ᠤᠴᠢᠷ ᠴᠦᠬᠡᠨ ᠲᠡᠢ 
ᠠᠵᠢᠯ ᠶᠡᠬᠡᠲᠡᠢ
       
ᠤᠤᠯ ᠤᠨ ᠨᠤᠶᠠᠳ
ᠮᠠᠶ᠊ᠢᠭ ᠪᠠᠭ᠎ᠠ ᠲᠠᠢ
ᠮᠠᠯ ᠳᠤ ᠡᠪᠲᠡᠢ
       
ᠤᠤᠯ ᠤᠨ ᠬᠤᠨᠢᠴᠢᠨ
ᠬᠤᠪᠴᠠᠰᠤ ᠮᠠᠭᠤᠲᠠᠢ
ᠨᠤᠮ ᠳᠤ ᠳᠤᠷᠠᠲᠠᠢ
       
ᠤᠤᠯ ᠤᠨ ᠬᠡᠦᠬᠡᠳ ᠦᠳ
ᠮᠠᠢᠵᠠᠭ ᠭᠤᠳᠤᠯ ᠲᠠᠢ
ᠮᠤᠷᠢᠨ ᠳᠤ ᠬᠠᠢᠷᠠᠲᠠᠢ
       
ᠤᠤᠯ ᠤᠨ ᠮᠠᠨᠠᠢᠬᠢᠳ
ᠨᠤᠳᠤᠭ ᠨᠢᠬᠡᠲᠡᠢ
ᠨᠡᠬᠦᠳᠡᠯ ᠦᠨ ᠵᠠᠮ ᠲᠠᠢ
       
ᠤᠤᠯ ᠤᠨ ᠬᠦᠳᠡᠬᠡ ᠳᠦ
ᠬᠡᠷ ᠮᠢᠨᠢ ᠬᠡᠬᠡ ᠲᠡᠢ
ᠬᠡᠢᠴᠢᠨ ᠠᠷᠪᠢᠨ ᠲᠠᠢ

Posted in ᠤᠷᠠᠨ ᠵᠤᠬᠢᠶᠠᠯ |作品赏析 and tagged .