ᠸᠢᠴᠠᠲ ᠤᠨ ᠣᠷᠣᠯᠠᠨ ᠬᠤᠳᠠᠯᠳᠤᠨ ᠠᠪᠤᠭᠴᠢ ᠡᠴᠠ ᠬᠠᠭᠤᠷᠮᠠᠭ ᠪᠠᠷᠠᠭ᠎ᠠ·微信代购买到假货维权挺难

 

ᠸᠢᠴᠠᠲ ᠤᠨ ᠣᠷᠣᠯᠠᠨ ᠬᠤᠳᠠᠯᠳᠤᠨ ᠠᠪᠤᠭᠴᠢ ᠡᠴᠠ ᠬᠠᠭᠤᠷᠮᠠᠭ ᠪᠠᠷᠠᠭ᠎ᠠ ᠬᠤᠳᠠᠯᠳᠤᠨ ᠠᠪᠤᠭᠰᠠᠨ ᠤ ᠲᠠᠷᠠᠭ᠎ᠠ ᠡᠷᠬᠡ ᠪᠡᠨ ᠬᠠᠮᠠᠭᠠᠯᠠᠬᠤ ᠳ᠋ᠤ ᠨᠡᠯᠢᠶᠡᠳ ᠬᠦᠴᠢᠷᠲᠡᠢ

ᠰᠢᠨᠬᠤᠧᠠ ᠬᠣᠷᠢᠶᠠᠨ ᠤ ᠮᠡᠳᠡᠭᠡ ᠶᠢ ᠦᠨᠳᠦᠰᠦᠯᠡᠪᠡᠯ ᠂ ᠯᠢᠶᠣᠣᠨᠢᠩ ᠮᠤᠵᠢ ᠶᠢᠨ ᠬᠡᠷᠡᠭᠯᠡᠭᠴᠢᠳ ᠦᠨ ᠨᠡᠢᠭᠡᠮᠯᠢᠭ  ᠦᠨ ᠣᠢᠷ᠎ᠠ ᠶᠢᠨ ᠡᠳᠦᠷ ᠦᠨ ᠨᠡᠢᠲᠡᠯᠡᠭᠰᠡᠨ ᠬᠡᠷᠡᠭᠯᠡᠭᠡᠨ ᠦ ᠰᠠᠨᠠᠭᠤᠯᠤᠮᠵᠢ ᠳ᠋ᠤ ᠂ ᠸᠢᠴᠠᠲ ᠤᠨ ᠣᠷᠣᠯᠠᠨ ᠬᠤᠳᠠᠯᠳᠤᠨ ᠠᠪᠤᠭᠴᠢ ᠡᠴᠠ ᠪᠠᠷᠠᠭ᠎ᠠ ᠬᠤᠳᠠᠯᠳᠤᠨ ᠠᠪᠬᠤ ᠨᠢ ᠲᠦᠭᠰᠢᠭᠦᠷᠢ ᠲᠡᠢ ᠂ ᠬᠡᠷᠡᠭᠯᠡᠭᠴᠢ ᠬᠠᠭᠤᠷᠮᠠᠭ ᠪᠠᠷᠠᠭ᠎ᠠ ᠬᠤᠳᠠᠯᠳᠤᠨ ᠠᠪᠤᠭᠰᠠᠨ ᠤ ᠲᠠᠷᠠᠭ᠎ᠠ ᠡᠷᠬᠡ ᠪᠡᠨ ᠬᠠᠮᠠᠭᠠᠯᠠᠬᠤ ᠳ᠋ᠤ ᠲᠤᠩ ᠬᠦᠴᠢᠷ ᠲᠡᠢ ᠂ ᠸᠢᠴᠠᠲ ᠤᠨ ᠬᠤᠪᠢ ᠬᠦᠮᠦᠨ ᠦ ᠣᠷᠣᠯᠠᠨ ᠬᠤᠳᠠᠯᠳᠤᠨ ᠠᠪᠤᠭᠴᠢ ᠶᠢ ᠬᠢᠨᠠᠨ ᠬᠠᠮᠢᠶᠠᠷᠬᠤ ᠬᠦᠴᠢᠷ ᠦᠨ ᠬᠡᠮᠵᠢᠶ᠎ᠡ ᠨᠢ ᠴᠦ ᠮᠠᠰᠢ ᠶᠡᠬᠡ ᠪᠠᠢᠳᠠᠭ ᠃
  ᠯᠢᠶᠣᠣᠨᠢᠩ ᠮᠤᠵᠢ ᠶᠢᠨ ᠬᠡᠷᠡᠭᠯᠡᠭᠴᠢᠳ ᠦᠨ ᠨᠡᠢᠭᠡᠮᠯᠢᠭ ᠦᠨ ᠨᠡᠢᠲᠡᠯᠡᠭᠰᠡᠨ ᠬᠡᠷᠡᠭ ᠦᠨ ᠵᠢᠱᠢᠶ᠎ᠡ ᠳ᠋ᠦ ᠂ ᠯᠢᠦ ᠠᠪᠠᠬᠠᠢ ᠸᠢᠴᠠᠲ ᠤᠨ ᠨᠠᠢᠵᠠ ᠶᠢᠨ ᠬᠦᠷᠢᠶᠡᠨ ᠡᠴᠡ ᠢᠶᠡᠨ ᠬᠠᠮᠲᠤ ᠰᠤᠷᠤᠭᠴᠢ ᠨᠢ ᠺᠤᠷᠢᠶᠠ  ᠶᠢᠨ ᠵᠠᠰᠠᠯ ᠴᠢᠮᠡᠭ ᠦᠨ ᠡᠳ᠋ ᠬᠤᠳᠠᠯᠳᠤᠵᠤ ᠪᠠᠢᠭ᠎ᠠ ᠨᠢᠭᠡᠨ ᠨᠠᠢᠵᠠ ᠶᠢ ᠪᠠᠨ ᠲᠠᠨᠢᠯᠴᠠᠭᠤᠯᠤᠭᠰᠠᠨ ᠢ ᠣᠯᠵᠤ ᠬᠠᠷᠠᠵᠠᠢ ᠂ ᠲᠡᠭᠦᠨ ᠦ ᠬᠠᠮᠲᠤ ᠰᠤᠷᠤᠭᠴᠢ ᠨᠢ ᠨᠦᠬᠦᠭᠡ ᠲᠡᠷᠡ ᠨᠠᠢᠵᠠ ᠶᠢ ᠪᠠᠨ ᠺᠤᠷᠢᠶᠠ ᠳᠥ ᠤᠲᠠᠭᠠᠨ ᠰᠠᠭᠤᠷᠢᠰᠢᠵᠤ ᠪᠠᠢᠨ᠎ᠠ ᠂ ᠡᠳ᠋ ᠪᠠᠷᠠᠭ᠎ᠠ ᠶᠢᠨ ᠦᠨᠡᠨ ᠮᠦᠨ ᠢ ᠪᠠᠲᠤᠯᠠᠬᠤ ᠮᠦᠷᠲᠡᠭᠡᠨ ᠪᠠᠰᠠ ᠵᠠᠬ᠎ᠠ ᠲᠡᠯᠭᠡᠭᠦᠷ ᠦᠨ ᠦᠨ᠎ᠡ ᠡᠴᠡ ᠬᠢᠮᠳᠠ ᠭᠡᠬᠦᠯᠡᠷ ᠨᠢ ᠂ ᠯᠢᠦ ᠠᠪᠠᠬᠠᠢ ᠸᠢᠴᠠᠲ ᠢᠶᠠᠷ ᠮᠦᠩᠭᠦ ᠰᠢᠯᠵᠢᠭᠦᠯᠦᠨ ᠨᠢᠭᠡᠨ ᠢᠵᠢ ᠬᠤᠳᠠᠯᠳᠤᠨ ᠠᠪᠤᠭᠰᠠᠨ ᠴᠢᠨᠢ ᠨᠦᠬᠦᠭᠡ ᠡᠳ᠋ ᠨᠢ ᠬᠠᠮᠠᠷ ᠭᠠᠳᠠᠮ᠎ᠠ ᠰᠫᠢᠷᠲ ᠦᠨ ᠦᠨᠦᠷ ᠲᠡᠢ ᠮᠦᠷᠲᠡᠭᠡᠨ ᠤᠤᠯ ᠤᠨ ᠬᠡᠷᠡᠭᠯᠡᠵᠦ ᠪᠠᠢᠭᠰᠠᠨ ᠲᠠᠢ ᠨᠢ ᠤᠭᠲᠤ ᠠᠳᠠᠯᠢ ᠦᠭᠡᠢ ᠃ ᠯᠢᠦ ᠠᠪᠠᠬᠠᠢ ᠮᠡᠬᠡᠯᠡᠭᠲᠡᠭᠰᠡᠨ ᠵᠢᠡᠨ ᠰᠡᠷᠡᠵᠦ ᠂ ᠦᠨᠦ ᠪᠠᠷᠠᠭ᠎ᠠ ᠵᠢ ᠨᠢ ᠪᠤᠴᠠᠭᠠᠬᠤ ᠭᠡᠰᠡᠨ ᠳ᠋ᠦ ᠨᠦᠬᠦᠭᠡ ᠬᠤᠳᠠᠯᠳᠤᠭᠴᠢ ᠬᠡᠳᠦᠢᠨ ᠲᠡᠭᠦᠨ ᠦ ᠸᠢᠴᠠᠲ ᠢ ᠬᠠᠰᠤᠵᠤ ᠂ ᠲᠠᠬᠢᠨ ᠬᠤᠯᠪᠤᠭ᠎ᠠ ᠪᠠᠷᠢᠵᠤ ᠴᠢᠳᠠᠬᠤ ᠦᠭᠡᠢ ᠪᠣᠯᠵᠠᠢ ᠃
  ᠬᠡᠷᠡᠭᠯᠡᠭᠴᠢᠳ ᠦᠨ ᠨᠡᠢᠭᠡᠮᠯᠢᠭ ᠡᠴᠠ ᠰᠠᠨᠠᠭᠤᠯᠤᠭᠰᠠᠨ ᠵᠢᠡᠷ ᠄ ᠸᠢᠴᠠᠲ ᠤᠨ ᠬᠤᠪᠢ ᠬᠦᠮᠦᠨ ᠦ ᠣᠷᠣᠯᠠᠨ ᠬᠤᠳᠠᠯᠳᠤᠨ ᠠᠪᠤᠭᠴᠢ ᠶᠢᠨ ᠲᠤᠬᠠᠢ ᠬᠢᠨᠠᠨ ᠬᠠᠮᠢᠶᠠᠷᠤᠯᠲᠠ ᠶᠢᠨ ᠬᠦᠴᠢᠷᠳᠡᠯ ᠲᠤᠩ ᠶᠡᠬᠡ ᠪᠠᠢᠳᠠᠭ ᠃ ᠬᠡᠷᠪᠡ ᠵᠦᠪᠬᠡᠨ ᠸᠢᠴᠠᠲ ᠢᠶᠠᠷ ᠵᠣᠭᠣᠭᠳᠠᠬᠤ ᠪᠠᠷ ᠲᠠᠮᠵᠢᠨ ᠠᠷᠠᠯᠵᠢᠶ᠎ᠠ ᠮᠠᠢᠮᠠᠢ ᠬᠢᠭᠡᠳ ᠯᠡ ᠂ ᠬᠤᠳᠠᠯᠳᠤᠭᠴᠢ ᠨᠢ ᠥᠭᠡᠷ᠎ᠡ ᠪᠤᠳᠠᠲᠠᠢ ᠲᠡᠯᠭᠡᠭᠦᠷ ᠬᠤᠳᠠᠯᠳᠤᠭ᠎ᠠ ᠪᠠᠢᠬᠤ ᠦᠭᠡᠢ ᠶᠤᠮ ᠪᠣᠯ ᠵᠦᠪᠬᠡᠨ ᠬᠣᠶᠠᠷ ᠲᠠᠯ᠎ᠠ ᠪᠠᠷ ᠪᠠᠨ ᠲᠣᠬᠢᠷᠠᠭᠰᠠᠨ ᠲᠠᠯᠳᠠᠭᠤᠷ ᠠᠷᠠᠯᠵᠢᠶ᠎ᠠ ᠳ᠋ᠤ ᠲᠤᠭᠠᠴᠠᠭᠲᠠᠨ᠎ᠠ ᠂ ᠬᠣᠯᠪᠤᠭᠳᠠᠯ ᠪᠦᠬᠦᠢ ᠬᠠᠥᠯᠢ ᠴᠠᠭᠠᠵᠠ ᠬᠠᠥᠯᠢ ᠲᠣᠭᠲᠠᠭᠠᠯ ᠶᠣᠰᠣᠭᠠᠷ ᠡᠷᠬᠡ ᠪᠡᠨ ᠬᠠᠮᠠᠭᠠᠯᠠᠬᠤ ᠶᠢᠨ ᠠᠷᠭ᠎ᠠ ᠦᠭᠡᠢ ᠃ ᠵᠦᠪᠬᠡᠨ ᠢᠷᠭᠡᠨ ᠦ ᠬᠡᠷᠡᠭ ᠦᠨ ᠵᠢᠭᠤᠷᠠᠯᠳᠤᠭᠠᠨ ᠬᠤᠪᠢ ᠪᠠᠷ ᠢᠷᠭᠡᠨ ᠦ ᠵᠠᠷᠭᠤ ᠪᠠᠷ ᠲᠠᠮᠵᠢᠭᠤᠯᠤᠨ ᠡᠷᠬᠡ ᠡᠴᠡ ᠬᠠᠮᠠᠭᠠᠯᠠᠬᠤ ᠲᠡᠲᠦᠢ ᠪᠣᠯᠣᠨ᠎ᠠ ᠃
  ᠸᠢᠴᠠᠲ ᠤᠨ ᠣᠷᠣᠯᠠᠨ ᠬᠤᠳᠠᠯᠳᠤᠨ ᠠᠪᠬᠤ ᠶᠢᠨ ᠲᠦᠭᠰᠢᠭᠦᠷᠢ ᠶᠢ ᠬᠡᠷᠬᠢᠨ ᠰᠡᠷᠭᠡᠢᠯᠡᠬᠦ ᠪᠤᠢ ︖ ᠸᠢᠴᠠᠲ ᠤᠨ ᠨᠠᠢᠵᠠ ᠶᠢᠨ ᠨᠡᠢᠲᠡᠯᠡᠭᠰᠡᠨ ᠵᠠᠷ ᠮᠡᠳᠡᠭᠡ ᠶᠢ ᠬᠣᠶᠠᠷ ᠲᠦᠷᠦᠯ ᠳ᠋ᠥ ᠬᠤᠪᠢᠶᠠᠨ᠎ᠠ ᠂ ᠨᠢᠭᠡ ᠨᠢ ᠸᠢᠴᠠᠲ ᠤᠨ ᠨᠠᠢᠵᠠ ᠶᠢᠨ ᠦᠪᠡᠷ ᠦᠨ ᠨᠡᠢᠲᠡᠯᠡᠭᠰᠡᠨ ᠵᠠᠷ ᠮᠡᠳᠡᠭᠡ ᠂ ᠨᠦᠭᠦᠬᠡ ᠨᠢ ᠲᠠᠷᠤᠢ ᠨᠠᠢᠵᠠ ᠶᠢᠨ ᠪᠠᠨ ᠨᠡᠢᠲᠡᠯᠡᠭᠰᠡᠨ ᠮᠡᠳᠡᠭᠡ ᠶᠢ ᠰᠢᠯᠵᠢᠭᠦᠯᠦᠨ ᠲᠠᠷᠬᠠᠭᠠᠭᠰᠠᠨ ᠮᠡᠳᠡᠭᠡ ᠪᠣᠯᠣᠨ᠎ᠠ ᠃ ᠰᠢᠯᠵᠢᠭᠦᠯᠦᠨ ᠲᠠᠷᠬᠠᠭᠠᠭᠰᠠᠨ ᠮᠡᠳᠡᠭᠡ ᠶᠢ ᠲᠠᠬᠢᠨ ᠲᠠᠪᠲᠠᠨ ᠯᠠᠪᠲᠠᠭᠤᠯᠬᠤ ᠬᠡᠷᠡᠭᠲᠡᠢ ᠂ ᠬᠡᠷᠪᠡ ᠦᠢᠯᠡᠳᠬᠦᠨ ᠦ ᠢᠷᠡᠯᠲᠡ ᠶᠢ ᠪᠠᠲᠤᠯᠠᠬᠤ ᠶᠢᠨ ᠠᠷᠭ᠎ᠠ ᠦᠭᠡᠢ ᠪᠣᠯ ᠬᠤᠳᠠᠯᠳᠤᠨ ᠠᠪᠤᠭᠰᠠᠨ ᠤ ᠬᠡᠷᠡᠭ ᠦᠭᠡᠢ ᠃
  ᠠᠷᠠᠯᠵᠢᠶᠠᠨ ᠤ ᠬᠡᠯᠪᠡᠷᠢ ᠪᠡᠨ ᠰᠠᠢᠨ ᠰᠤᠩᠭᠤᠬᠤ ᠬᠡᠷᠡᠭᠲᠡᠢ ᠃ ᠬᠡᠷᠪᠡ ᠬᠤᠳᠠᠯᠳᠤᠭᠴᠢ ᠡᠴᠠ ᠪᠠᠩᠬᠢ ᠶᠢᠨ ᠲᠠᠩᠰᠠ ᠰᠢᠯᠵᠢᠭᠦᠯᠬᠦᠪᠤᠶᠤ ᡁᠢ ᠹᠦ ᠪᠣᠥ ᠪᠠᠷ ᠰᠢᠭᠤᠳ ᠲᠣᠭᠠᠴᠠᠭ᠎ᠠ ᠬᠢᠬᠦ ᠶᠢ ᠱᠠᠭᠠᠷᠳᠠᠪᠠᠯ ᠬᠡᠷᠡᠭᠯᠡᠭᠴᠢ ᠬᠡᠷᠰᠡᠦᠯᠡᠬᠦ ᠬᠡᠷᠡᠭᠲᠡᠢ ᠂ ᠴᠢᠳᠠᠬᠤ ᠶᠢᠨ ᠳᠣᠲᠣᠷ᠎ᠠ ᠲᠤᠣ ᠪᠣᠣ ᠮᠡᠲᠦ ᠶᠢᠨ ᠭᠤᠷᠪᠠᠳᠠᠬᠢ ᠠᠷᠠᠯᠵᠢᠶᠠᠨ ᠤ ᠲᠡᠪᠴᠡᠩ ᠢᠶᠡᠷ ᠲᠠᠮᠵᠢᠭᠤᠯᠤᠨ ᠠᠷᠠᠯᠵᠢᠶᠠᠯᠠᠬᠤ ᠰᠤᠩᠭᠤᠯᠲᠠ ᠬᠢᠵᠦ ᠪᠤᠯᠤᠨ᠎ᠠ ᠃ ᠢᠩᠭᠢᠪᠡᠯ ᠤᠴᠢᠷ ᠭᠠᠷᠤᠭᠰᠠᠨ ᠴᠤ ᠂ ᠪᠠᠷᠠᠭ᠎ᠠ ᠪᠤᠴᠠᠭᠠᠵᠤ ᠵᠣᠭᠣᠰ ᠢᠶᠠᠨ ᠪᠤᠴᠠᠭᠠᠵᠤ ᠠᠪᠬᠤ ᠪᠠᠷ ᠭᠤᠶᠤᠴᠢᠯᠠᠵᠤ《ᠡᠯᠵᠢᠭᠡ ᠴᠦ ᠦᠭᠡᠢ ᠭᠤᠷᠪᠠᠨ ᠯᠠᠩ ᠴᠤ ᠦᠭᠡᠢ ᠪᠤᠯᠬᠤ》ᠡᠴᠠ ᠰᠡᠷᠭᠡᠢᠯᠡᠵᠦ ᠴᠢᠳᠠᠨ᠎ᠠ ᠃
     ᠢᠷᠡᠯᠳᠡ᠄ ᠠᠷᠠᠳ ᠤᠨ ᠰᠦᠯᠵᠢᠶ᠎ᠡ

微信代购买到假货维权挺难

据新华社沈阳电 辽宁省消费者协会近日发布消费提示,微信代购有风险,一旦消费者买到假货后很难维权,对于微信私人代购的监管难度也很大。
  根据辽宁省消协发布的典型案例,消费者刘女士在朋友圈看到同学推荐韩国品牌化妆品,说卖家是自己的朋友,长期定居韩国,保证正品还比市场价便宜。刘女士微信转账给卖家买了1套,几天后化妆品送到,她打开后发出刺鼻的酒精味,和曾经用过的不同。刘女士觉得上当了想退货,可是卖家把她的微信删除,再也联系不上了。
  消协提示,对于微信私人代购的监管,难度要大得多。如果仅是通过微信聊天完成的交易,对方又没有实体店铺,就只能被看做是双方私下达成的交易,无法按照相关法律法规进行维权,这就成了民事纠纷,维权只能通过民事诉讼。在民事诉讼中,消费者要提供充分的证据。但有些消费者甚至连对方叫什么都不知道,维权难度可想而知。
  如何防范微信代购风险呢?消协提示,微信好友发布广告分两种,一种是好友发布的广告,另一种是好友转发好友的广告。对于转发的广告要反复确认,如果无法保证产品来源,就不要购买。
  选择好交易方式。如果卖家要求进行银行转账或者支付宝直接付款,消费者要提高警惕,尽量选择淘宝等第三方交易平台交易。即使出问题,也可以申请退款退货,避免财物两空。
                来源:人民网-人民日报

Posted in ᠠᠮᠢᠳᠤᠷᠠᠯ ᠤᠨ ᠬᠠᠨᠢ|生活之友 and tagged .