ᠢᠳᠡᠭᠡᠮᠵᠢ ᠪᠠ ᠲᠠᠭᠠᠭᠠᠯᠳᠠ ᠲᠠᠢ ᠪᠤᠯᠴᠢᠬᠠᠪᠠᠯ ᠵᠢᠭᠡᠯᠡᠯᠭᠡ ᠵᠢᠭᠡᠯᠡᠬᠥ ᠳ᠋ᠤ ᠬᠥᠴᠢᠷᠳᠡᠬᠥ · 信用和担保有了,贷款不难了

ᠢᠳᠡᠭᠡᠮᠵᠢ ᠪᠠ ᠲᠠᠭᠠᠭᠠᠯᠳᠠ ᠲᠠᠢ ᠪᠤᠯᠴᠢᠬᠠᠪᠠᠯ ᠵᠢᠭᠡᠯᠡᠯᠭᠡ ᠵᠢᠭᠡᠯᠡᠬᠥ ᠳ᠋ᠤ ᠬᠥᠴᠢᠷᠳᠡᠬᠥ ᠦᠭᠡᠢ ᠪᠣᠯᠪᠠ

ᠬᠥᠳᠡᠭᠡ ᠲᠣᠰᠬᠣᠨ ᠤ ᠲᠠᠭᠠᠭᠠᠴᠢᠯᠠᠭᠰᠠᠨ ᠭᠠᠵᠠᠷ ᠰᠢᠷᠣᠶ ᠵᠢᠨ ᠡᠵᠡᠩᠨᠡᠬᠦ ᠡᠷᠬᠡ ᠵᠢ ᠲᠠᠭᠠᠭᠠᠴᠢᠯᠠᠨ ᠡᠵᠡᠩᠨᠡᠬᠥ ᠡᠷᠭᠡ ᠡᠴᠡ ᠰᠠᠯᠭᠠᠨ ᠭᠠᠷᠭᠠᠭᠰᠠᠨ ᠤ ᠲᠠᠷᠠᠭ᠎ᠠ ᠂ ᠲᠡᠷᠡ ᠨᠢ ᠲᠠᠷᠢᠶᠠᠴᠢᠳ ᠤᠨ ᠤᠷᠤᠨ ᠰᠠᠭᠤᠴᠠ ᠵᠢᠨ ᠡᠳ᠋ ᠬᠥᠷᠤᠩᠭᠡ ᠵᠢᠨ ᠡᠷᠭᠡ ᠲᠡᠢ ᠠᠳᠠᠯᠢ ᠪᠠᠷ ᠲᠠᠷᠢᠶᠠᠴᠢᠳ ᠤᠨ ᠪᠠᠷᠢᠴᠠᠭᠠᠯᠠᠨ ᠵᠢᠭᠡᠯᠡᠯᠭᠡ ᠵᠢᠭᠡᠯᠡᠬᠥ ᠰᠢᠨ᠎ᠠ ᠠᠷᠭ᠎ᠠ ᠪᠤᠯᠤᠭᠰᠠᠨ ᠪᠠᠢᠨ᠎ᠠ ᠃ 2016 ᠣᠨ  ᠤ 12 ᠰᠠᠷ᠎ᠠ ᠵᠢᠨ ᠡᠴᠤᠰ ᠵᠢᠡᠷ ᠂《ᠬᠤᠶᠠᠷ ᠡᠷᠭᠡ ᠵᠢ ᠪᠠᠷᠢᠴᠠᠭᠠᠯᠠᠨ ᠵᠢᠭᠡᠯᠡᠯᠭᠡ ᠵᠢᠭᠡᠯᠡᠬᠥ ᠲᠤᠷᠰᠢᠯᠳᠠ ᠬᠢᠬᠥ ᠭᠠᠵᠠᠷ ᠤᠷᠤᠨ ᠳ᠋ᠤ ᠬᠠᠤᠯᠢ ᠴᠠᠭᠠᠵᠠ ᠠᠴᠠ ᠡᠷᠭᠡ ᠤᠯᠭᠤᠭᠠᠳ ᠪᠦᠳᠤᠨ ᠨᠢᠭᠡ ᠵᠢᠯ ᠪᠤᠯᠪᠠ ᠃ ᠭᠠᠵᠠᠷ ᠰᠢᠷᠤᠢ ᠵᠢ ᠡᠷᠬᠢᠯᠳᠡ ᠳ᠋ᠤ ᠤᠷᠤᠭᠤᠯᠬᠤ ᠪᠤᠯ ᠡᠬᠢᠯᠡᠯᠳᠡ ᠲᠡᠳᠤᠢ ᠂ ᠲᠠᠷᠢᠶᠠᠯᠠᠩ ᠨᠢ ᠡᠬᠢᠨ ᠦ ᠬᠤᠭᠤᠴᠠᠭᠠᠨ ᠤ ᠤᠷᠤᠭᠤᠯᠤᠯᠳᠡ ᠶᠡᠭᠡ ᠂ ᠭᠠᠷᠭᠠᠯᠳᠠ ᠨᠢ ᠤᠳᠠᠭᠠᠨ ᠂ ᠪᠡᠯᠡ ᠮᠦᠩᠬᠥ ᠵᠢ ᠬᠤᠷᠢᠶᠠᠨ ᠠᠪᠴᠢᠷᠡᠬᠤ ᠦᠶᠡᠯᠡᠯ ᠨᠢ ᠤᠷᠳᠤ ᠵᠡᠷᠭᠡ ᠤᠨᠴᠠᠯᠢᠬ ᠲᠠᠢ ᠪᠠᠢᠳᠠᠬ᠂ ᠵᠦᠪᠭᠡᠨ ᠬᠥᠯᠡᠮᠵᠢ ᠪᠠᠢᠭᠤᠯᠬᠤ ᠳ᠋ᠤ ᠬᠡᠷᠡᠭᠰᠡᠬᠥ ᠪᠤᠯᠤᠳ ᠬᠤᠭᠤᠯᠠᠢ ᠵᠢᠨ ᠪᠦᠷᠬᠥᠬᠥᠯ ᠬᠠᠯᠢᠰᠤᠨ ᠳ᠋ᠤ ᠲᠠᠷᠤᠢ ᠬᠡᠳᠤᠨ ᠠᠷᠪᠠᠨ ᠲᠦᠮᠡᠨ ᠲᠦᠬᠥᠷᠢᠭ ᠵᠠᠷᠤᠴᠠᠭᠤᠯᠳᠠᠬ ᠂ ᠢᠢᠮᠤ ᠤᠯᠠᠨ ᠵᠤᠭᠤᠰ ᠢ ᠶᠠᠭᠠᠬᠢᠵᠤ ᠤᠯᠳᠠᠬ ᠪᠤᠢ︖
  《ᠢᠢᠮᠤ ᠰᠠᠢᠨ ᠲᠦᠷᠤ ᠵᠢᠨ ᠪᠤᠳᠤᠯᠭ᠎ᠠ ᠪᠠᠢᠭᠰᠠᠨ ᠳ᠋ᠠᠭᠠᠨ ᠪᠤᠯᠵᠠᠢ ᠂ ᠤᠳᠤ ᠵᠢᠭᠡᠯᠡᠯᠭᠡ ᠤᠯᠵᠤ ᠴᠢᠳᠠᠬᠤ ᠪᠤᠯᠪᠠ ᠃ 》ᠯᠤ ᠵᠢᠶᠠᠨ ᠮᠢᠩ ᠰᠤᠷᠪᠤᠯᠵᠢᠯᠠᠭᠴᠢ ᠳ᠋ᠤ ᠬᠡᠯᠡᠬᠥ ᠳ᠋ᠡᠭᠡᠨ ᠂ ᠬᠠᠢ ᠶᠠᠨ ᠤ ᠬᠥᠳᠡᠭᠡ ᠲᠤᠰᠬᠤᠨ ᠤ ᠢᠳᠡᠭᠡᠮᠵᠢ ᠵᠢᠨ ᠬᠤᠷᠰᠢᠶ᠎ᠠ ᠭᠠᠵᠠᠷ ᠰᠢᠷᠤᠢ ᠵᠢᠨ ᠡᠵᠡᠩᠨᠡᠬᠥ ᠡᠷᠭᠡ ᠵᠢᠴᠢ ᠲᠦᠷᠢᠶᠡᠰᠤᠨ ᠮᠦᠩᠬᠥ ᠵᠢ ᠪᠤᠳᠠᠳᠠᠢ ᠲᠦᠯᠤᠬᠥ ᠦᠯᠡᠳᠡᠭᠰᠡᠨ ᠬᠤᠭᠤᠴᠠᠭ᠎ᠠ ᠂ ᠡᠷᠬᠢᠯᠳᠡ ᠵᠢᠨ ᠦᠨ᠎ᠠ ᠵᠢᠨ ᠵᠤᠭᠤᠰ ᠂ ᠲᠦᠯᠤᠬᠥ ᠦᠨ᠎ᠠ ᠵᠢᠨ ᠵᠤᠭᠤᠰ ᠂ ᠵᠢᠱᠢᠭᠰᠡᠨ ᠤᠷᠤᠯᠭ᠎ᠠ ᠵᠡᠷᠭᠡ ᠵᠢ ᠦᠨᠳᠤᠰᠤᠯᠡᠨ ᠵᠤᠬᠢᠰᠳᠠᠢ ᠦᠨᠡᠯᠡᠨ ᠵᠢᠱᠢᠭᠡᠳ᠂ ᠤᠳᠠᠯ ᠦᠭᠡᠢ ᠭᠠᠵᠠᠷ ᠰᠢᠷᠤᠢ ᠵᠢᠨ ᠡᠵᠡᠩᠨᠡᠯᠳᠡ ᠵᠢᠨ ᠡᠷᠭᠡ ᠪᠡᠷ ᠪᠠᠷᠢᠴᠠᠭᠠᠯᠠᠭᠰᠠᠨ ᠵᠢᠭᠡᠯᠡᠯᠭᠡ ᠵᠢ 180 ᠲᠦᠮᠡᠨ ᠲᠦᠬᠥᠷᠢᠭ ᠲᠠᠯᠪᠢᠵᠤ ᠂ ᠡᠬᠥᠨ ᠦ ᠲᠡᠭᠡᠷ᠎ᠠ 180 ᠲᠦᠮᠡᠨ ᠲᠦᠬᠥᠷᠢᠭ ᠦᠨ ᠪᠤᠰᠤᠳ ᠲᠠᠭᠠᠭᠠᠯᠳᠠᠳᠤ ᠵᠢᠭᠡᠯᠡᠯᠭᠡ ᠂ 20 ᠲᠦᠮᠡᠨ ᠲᠦᠬᠥᠷᠢᠭ ᠦᠨ ᠢᠳᠡᠭᠡᠮᠵᠢᠳᠤ ᠵᠢᠭᠡᠯᠡᠯᠭᠡ ᠵᠢ ᠤᠯᠤᠭᠰᠠᠨ ᠪᠤᠯᠬᠤᠷ ᠲᠠᠷᠢᠶᠠᠯᠠᠩ ᠤᠳ ᠲᠠᠯᠠᠪᠠᠢ ᠳ᠋ᠤ ᠬᠡᠷᠡᠭᠰᠡᠬᠥ ᠪᠡᠯᠡ ᠮᠦᠩᠬᠥ ᠵᠢ ᠮᠠᠰᠢ ᠲᠦᠷᠭᠡᠨ ᠵᠢᠡᠷ ᠰᠢᠳᠪᠤᠷᠢᠯᠡᠭᠰᠡᠨ ᠪᠠᠢᠨ᠎ᠠ ᠭᠡᠵᠠᠢ ᠃
  ᠲᠤᠮᠳᠠᠳᠤ ᠤᠯᠤᠰ ᠤᠨ ᠠᠷᠠᠳ ᠤᠨ ᠪᠠᠨᠭᠬᠢ ᠵᠢᠨ ᠬᠠᠢ ᠶᠠᠨ ᠰᠢᠶᠠᠨ ᠤ ᠰᠠᠯᠪᠤᠷᠢ ᠪᠠᠨᠭᠬᠢ ᠵᠢᠨ ᠲᠠᠷᠤᠭ᠎ᠠ ᠵᠠᠩ ᠰᠢᠩ ᠴᠢᠤᠧᠠᠨ ᠲᠠᠨᠢᠯᠴᠠᠭᠤᠯᠬᠤ ᠳ᠋ᠠᠭᠠᠨ ᠂ ᠲᠤᠰ ᠰᠢᠶᠠᠨ《ᠡᠷᠭᠡ ᠵᠢ ᠨᠤᠳᠠᠯᠠᠬᠤ ——ᠡᠷᠬᠢᠯᠳᠡ ᠳ᠋ᠤ ᠤᠷᠤᠭᠤᠯᠬᠤ ——ᠪᠠᠷᠢᠴᠠᠭᠠᠯᠠᠬᠤ 》ᠶᠠᠪᠤᠴᠠ ᠵᠢ ᠦᠨᠳᠤᠰᠤᠯᠡᠨ ᠂ ᠲᠤᠰ ᠲᠤᠰ ᠭᠠᠵᠠᠷ ᠰᠢᠷᠤᠢ ᠲᠠᠭᠠᠭᠠᠴᠢᠯᠠᠨ ᠡᠵᠡᠩᠨᠡᠬᠥ ᠡᠷᠭᠡ ᠵᠢᠨ ᠦᠨᠡᠮᠯᠠᠯ ᠂ ᠭᠠᠵᠠᠷ ᠰᠢᠷᠤᠢ ᠵᠢ ᠡᠷᠬᠢᠯᠳᠡ ᠳ᠋ᠤ ᠤᠷᠤᠭᠤᠯᠬᠤ ᠡᠵᠡᠩᠨᠡᠯᠳᠡ ᠵᠢᠨ ᠦᠨᠡᠮᠯᠠᠯ ᠪᠤᠯᠤᠨ ᠪᠤᠰᠤᠳ ᠵᠦᠢᠯ ᠦᠨ ᠡᠷᠭᠡ ᠵᠢᠨ ᠦᠨᠡᠮᠯᠠᠯ ᠢ ᠤᠯᠭᠤᠵᠤ ᠂ ᠭᠠᠵᠠᠷ ᠰᠢᠷᠤᠢ ᠲᠠᠭᠠᠭᠠᠴᠢᠯᠠᠬᠤ ᠂ ᠡᠵᠡᠩᠨᠡᠯᠳᠡ ᠵᠢᠨ ᠡᠷᠭᠡ ᠵᠢ ᠡᠷᠬᠢᠯᠳᠡ ᠳ᠋ᠤ ᠤᠷᠤᠭᠤᠯᠬᠤ ᠂ ᠪᠠᠷᠢᠴᠠᠭᠠᠯᠠᠵᠤ ᠲᠠᠭᠠᠭᠠᠯᠳᠠ ᠬᠢᠯᠭᠡᠬᠥ ᠵᠡᠷᠭᠡ ᠡᠷᠭᠡ ᠴᠢᠳᠠᠮᠵᠢ ᠵᠢ ᠤᠯᠭᠤᠭᠰᠠᠨ ᠵᠢᠡᠷ ᠂ ᠭᠠᠵᠠᠷ ᠰᠢᠷᠤᠢ ᠲᠠᠭᠠᠭᠠᠴᠢᠯᠠᠭᠰᠠᠨ ᠲᠠᠷᠢᠶᠠᠴᠢᠨ ᠡᠷᠤᠭᠡ ᠂ ᠡᠷᠬᠢᠯᠳᠡ ᠵᠢᠨ ᠡᠵᠡᠩᠨᠡᠭᠴᠢ ᠂ ᠮᠦᠩᠬᠥᠨ ᠬᠥᠢᠯᠭᠡᠭᠡᠨ ᠦ ᠪᠠᠢᠭᠤᠯᠤᠮᠵᠢ ᠵᠡᠷᠭᠡ ᠵᠠᠬ᠎ᠠ ᠲᠡᠯᠭᠡᠬᠥᠷ ᠦᠨ ᠪᠠᠶᠡᠴᠢ ᠴᠤᠭᠴᠠ ᠴᠦᠮ ᠡᠳ᠋ ᠬᠥᠷᠤᠩᠭᠡ ᠵᠢᠨ ᠡᠷᠭᠡ ᠪᠠ ᠠᠰᠢᠬ ᠤᠯᠬᠤ ᠡᠷᠭᠡ ᠵᠢ ᠠᠳᠠᠯᠢ ᠲᠡᠭᠰᠢ ᠪᠡᠷ ᠡᠳᠯᠡᠵᠤ ᠴᠢᠳᠠᠬᠤ ᠪᠤᠯᠤᠭᠰᠠᠨ ᠪᠠᠢᠨ᠎ᠠ ᠃ ᠤᠳᠤᠬᠠᠨ ᠳ᠋ᠤ ᠂ 71015 ᠡᠷᠤᠭᠡ ᠵᠢᠨ 32.55 ᠲᠦᠮᠡᠨ ᠮᠤ ᠲᠠᠭᠠᠭᠠᠴᠢᠯᠠᠯᠳᠠ ᠵᠢᠨ ᠭᠠᠵᠠᠷ ᠤᠨ ᠡᠷᠭᠡ ᠵᠢ ᠨᠤᠳᠠᠯᠠᠨ ᠦᠨᠡᠮᠯᠠᠯ ᠤᠯᠭᠤᠬᠤ ᠠᠵᠢᠯ ᠢ ᠪᠦᠬᠥᠳᠡ ᠵᠢ ᠪᠡᠶᠡᠯᠡᠬᠥᠯᠪᠠ ᠃ ᠡᠬᠥᠨ ᠦ ᠵᠡᠷᠭᠡ ᠳ᠋ᠤ ᠂ ᠲᠠᠷᠢᠶᠠᠨ ᠭᠠᠵᠠᠷ ᠤᠨ ᠡᠵᠡᠩᠨᠡᠯᠳᠡ ᠵᠢᠨ ᠡᠷᠭᠡ ᠪᠡᠷ ᠪᠠᠷᠢᠴᠠᠭᠠᠯᠠᠵᠤ ᠵᠢᠭᠡᠯᠡᠯᠭᠡ ᠵᠢᠭᠡᠯᠡᠬᠥᠯᠬᠥᠮᠦᠩᠬᠥᠨ ᠬᠥᠢᠯᠭᠡᠭᠡᠨ ᠦ ᠦᠢᠯᠡᠳᠬᠥᠨ ᠤᠷᠤᠵᠤ ᠢᠷᠡᠭᠰᠡᠨ ᠵᠢᠡᠷ᠂ ᠨᠡᠯᠢᠶᠡᠳ ᠶᠡᠭᠡ ᠬᠡᠪᠴᠢᠶᠡᠨ ᠦ ᠭᠠᠵᠠᠷ ᠰᠢᠷᠤᠢ ᠵᠢ ᠡᠷᠬᠢᠯᠳᠡ ᠳ᠋ᠤ ᠤᠷᠤᠭᠤᠯᠬᠤ ᠪᠤᠯᠤᠮᠵᠢ ᠲᠠᠢ ᠪᠤᠯᠵᠤ᠂ ᠠᠷᠠᠯᠵᠢᠶᠠᠯᠠᠬᠤ ᠵᠢ ᠤᠯᠠᠮ ᠨᠢᠭᠡ ᠠᠯᠬᠤᠮ ᠬᠥᠭᠵᠢᠶᠡᠨᠳᠡᠢ ᠪᠤᠯᠭᠠᠵᠠᠢ ᠃ ᠤᠳᠤ ᠪᠤᠯᠳᠡᠯ᠎ᠠ ᠂ ᠪᠦᠬᠥᠰᠢᠶᠠᠨ ᠦ ᠲᠠᠷᠢᠶᠠᠨ ᠭᠠᠵᠠᠷ ᠵᠢᠡᠷ ᠪᠠᠷᠢᠴᠠᠭᠠᠯᠠᠬᠤ ᠵᠢᠭᠡᠯᠡᠯᠭᠡ ᠵᠢᠨ ᠦᠯᠡᠳᠡᠪᠤᠷᠢ ᠲᠤᠭ᠎ᠠ 1.05 ᠲᠦᠬᠥᠷᠢᠭ ᠪᠠᠢᠵᠤ ᠂ ᠵᠢᠭᠡᠯᠡᠯᠭᠡ ᠲᠠᠯᠪᠢᠭᠰᠠᠨ ᠨᠡᠢᠳᠡ ᠲᠤᠭ᠎ᠠ ᠨᠢᠭᠡᠨᠳᠡ 3.45 ᠳ᠋ᠦᠩᠰᠢᠭᠤᠷ ᠲᠦᠬᠥᠷᠢᠭ ᠲᠦ ᠬᠥᠷᠦᠭᠰᠡᠨ ᠪᠠᠢᠨ᠎ᠠ ᠭᠡᠵᠠᠢ ᠃
     ᠢᠷᠡᠯᠳᠡ᠄ ᠠᠷᠠᠳ ᠤᠨ ᠰᠦᠯᠵᠢᠶ᠎ᠡ

信用和担保有了,贷款不难了

农村承包土地的经营权从承包经营权中分离出来后,与农民住房财产权一样,成了农民抵押贷款的新法子。2016年12月底,“两权”抵押贷款试点地区获法律授权满一岁,情况怎么样?记者随中国人民银行赴浙江进行了调查。
  “多亏了这个好政策,我现在可以贷款了。”陆建明告诉记者,海盐农信社根据土地经营权及租金实际支付剩余期限、流转价款、支付价款、预期收入等进行合理评估,不久便发放了180万元的“农钻通”土地经营权抵押贷款,加上其他担保贷款180万元、信用贷款20万元,农场所需资金很快就筹集完毕。
  据中国人民银行海盐县支行行长张星荃介绍,该县依据“确权—流转—抵押”的流程,分别颁发土地承包经营权证、土地流转经营权证和他项权证,赋予土地承包、经营权流转、抵押担保等权能,使承包地农户、流转经营者、金融机构等市场主体均能平等享有财产权和收益权。目前,已100%完成对71015户32.55万亩承包土地确权颁证。同时,通过农地经营权抵押贷款金融产品介入,使较大规模土地流转成为可能,进一步活跃了交易。截至目前,全县农地抵押贷款余额1.05亿元,已累计发放贷款3.45亿元。
              来源:人民日报

Posted in ᠪᠠᠶᠠᠵᠢᠯ ᠤᠨ ᠵᠠᠮ| 财富信息 and tagged .