28 ᠮᠤᠵᠢ ᠶᠢᠨ ᠨᠡᠭᠦᠳᠡᠯ ᠬᠦᠮᠦᠨ ᠠᠮᠠ ᠥᠪᠥᠷ ᠮᠣᠩᠭᠣᠯ ᠳ᠋ᠤ ᠪᠡᠶ᠎ᠡ ·28个省市流动人口可在内蒙古办理身份证

 

28 ᠮᠤᠵᠢ ᠶᠢᠨ ᠨᠡᠭᠦᠳᠡᠯ ᠬᠦᠮᠦᠨ ᠠᠮᠠ ᠥᠪᠥᠷ ᠮᠣᠩᠭᠣᠯ ᠳ᠋ᠤ ᠪᠡᠶ᠎ᠡ ᠶᠢᠨ ᠦᠨᠡᠮᠯᠡᠯ ᠠᠪᠴᠤ ᠪᠣᠯᠣᠨ᠎ᠠ

2ᠰᠠᠷ᠎ᠠ ᠶᠢᠨ 14 ᠦ ᠡᠳᠦᠷ ᠰᠣᠷᠪᠤᠯᠵᠢᠯᠠᠭᠴᠢ ᠥᠪᠥᠷ ᠮᠣᠩᠭᠣᠯ ᠤᠨ ᠦᠪᠡᠷᠲᠡᠭᠡᠨ ᠵᠠᠰᠠᠬᠤ ᠣᠷᠣᠨ ᠤ ᠳᠤᠲᠣᠭᠠᠳᠤ ᠶᠢ ᠬᠠᠮᠠᠭᠠᠯᠠᠬᠤ ᠲᠢᠩᠬᠢᠮ ᠡᠴᠡ ᠣᠢᠯᠠᠭᠠᠭᠰᠠᠨ ᠢᠶᠠᠷ ᠂ 2 ᠰᠠᠷ᠎ᠠ ᠶᠢᠨ 20 ᠦ ᠡᠳᠦᠷ ᠡᠴᠡ ᠡᠬᠢᠯᠡᠨ ᠂ ᠪᠦᠬᠦ ᠥᠪᠥᠷ ᠮᠣᠩᠭᠣᠯ ᠣᠷᠣᠨ ᠤ ᠳᠤᠲᠣᠭᠠᠳᠤ ᠶᠢ ᠬᠠᠮᠠᠭᠠᠯᠠᠬᠤ ᠪᠠᠢᠭᠤᠯᠭ᠎ᠠ ᠶᠢᠨ ᠬᠢᠨ ᠪᠡᠭᠡᠵᠢᠩ ᠂ ᠾᠧᠪᠧᠢ ᠂ ᠱᠠᠨ ᠰᠢ ᠂ ᠱᠠᠨᠳᠦᠩ ᠂ ᠾᠧᠨᠠᠨ ᠂ ᠭᠤᠧᠠᠩᠰᠢ ᠂ ᠱᠠᠨᠰᠢ ᠂ ᠭᠠᠨᠰᠦ ᠂ ᠬᠦᠬᠡᠨᠠᠭᠤᠷ ᠂ ᠨᠢᠩᠰᠢᠶᠠ ᠵᠡᠷᠭᠡ 10 ᠮᠤᠵᠢ (ᠬᠣᠲᠠ ᠂ ᠦᠪᠡᠷᠲᠡᠭᠡᠨ ᠵᠠᠰᠠᠬᠤ ᠣᠷᠣᠨ) ᠤ ᠥᠪᠥᠷ ᠮᠣᠩᠭᠣᠯ ᠳ᠋ᠤ ᠬᠠᠥᠯᠢ ᠶᠣᠰᠣᠭᠠᠷ ᠲᠣᠭᠲᠠᠪᠤᠷᠢᠲᠠᠢ ᠠᠵᠢᠯᠯᠠᠵᠤ ᠂ ᠰᠤᠷᠤᠯᠴᠠᠵᠤ ᠂ ᠰᠠᠭᠤᠷᠢᠰᠢᠵᠤ ᠪᠠᠢᠭ᠎ᠠ ᠨᠡᠬᠦᠳᠡᠯ ᠬᠦᠮᠦᠨ ᠠᠮᠠ ᠶᠢᠨ ᠣᠨᠳᠣᠣ ᠭᠠᠵᠠᠷ ᠲᠤ ᠪᠡᠶ᠎ᠡ ᠶᠢᠨ ᠦᠨᠡᠮᠯᠡᠯ ᠢᠶᠡᠨ ᠰᠣᠯᠢᠵᠤ ᠠᠪᠬᠤ ᠂ ᠨᠦᠬᠦᠪᠦᠷᠢᠯᠡᠵᠦ ᠠᠪᠬᠤ ᠭᠤᠶᠤᠴᠢᠯᠠᠯ ᠢ ᠬᠦᠯᠢᠶᠡᠨ ᠠᠪᠴᠤ ᠰᠢᠳᠪᠦᠷᠢᠯᠡᠨ᠎ᠡ ᠃ ᠡᠨᠳᠡ ᠬᠦᠷᠦᠭᠡᠳ᠂ ᠥᠪᠥᠷ ᠮᠣᠩᠭᠣᠯ ᠤᠨ ᠳᠣᠲᠣᠭᠠᠳᠤ ᠶᠢ ᠬᠠᠮᠠᠭᠠᠯᠠᠬᠤ ᠪᠠᠢᠭᠤᠯᠤᠯᠭ᠎ᠠ ᠶᠢᠨ ᠮᠤᠵᠢ ᠠᠯᠤᠰᠯᠠᠨ ᠣᠨᠳᠣᠣ ᠭᠠᠵᠠᠷ ᠲᠣ ᠬᠦᠯᠢᠶᠡᠨ ᠠᠪᠴᠤ ᠰᠢᠳᠪᠦᠷᠢᠯᠡᠬᠦ ᠠᠵᠢᠯ ᠤᠨ ᠬᠦᠷᠢᠶ᠎ᠡ ᠬᠡᠪᠴᠢᠶ᠎ᠡ ᠤᠤᠯ ᠤᠨ 18 ᠮᠤᠵᠢ ᠬᠣᠲᠠ ᠪᠠᠢᠭᠰᠠᠨ ᠡᠴᠠ ᠪᠠᠨ ᠂ 28 ᠮᠤᠵᠢ ᠪᠣᠯᠣᠨ ᠦᠷᠭᠡᠵᠢᠪᠡ ᠃
  28 ᠮᠤᠵᠢ(ᠬᠣᠲᠠ ᠂ ᠦᠪᠡᠷᠲᠡᠭᠡᠨ ᠵᠠᠰᠠᠬᠤ ᠣᠷᠣᠨ) ᠶᠢᠨ ᠬᠠᠷᠢᠶᠠᠲᠤ ᠣᠯᠠᠨ ᠲᠦᠮᠡᠨ ᠪᠡᠶ᠎ᠡ ᠶᠢᠨ ᠦᠨᠡᠮᠯᠡᠯ ᠢᠶᠡᠨ ᠭᠡᠭᠡᠭᠰᠡᠨ ᠂ ᠡᠪᠳᠡᠵᠦ ᠰᠦᠢᠳᠦᠭᠰᠡᠨ ᠪᠤᠶᠤ ᠬᠤᠭᠤᠴᠠᠭ᠎ᠠ ᠨᠢ ᠲᠤᠯᠤᠭᠰᠠᠨ ᠪᠠᠢᠪᠠᠯ ᠂ ᠲᠤᠰ ᠬᠦᠮᠦᠨ ᠦᠪᠡᠷ ᠦᠨ ᠪᠡᠶ᠎ᠡ ᠶᠢᠨ ᠦᠨᠡᠮᠯᠡᠯ ᠪᠤᠶᠤ ᠡᠷᠦᠬᠡ ᠠᠮᠠ ᠶᠢᠨ ᠲᠡᠩᠰᠠ ᠶᠢᠨ ᠲᠡᠪᠲᠡᠷ ᠂ ᠣᠷᠣᠰᠢᠨ ᠰᠠᠭᠤᠬᠤ ᠦᠨᠡᠮᠯᠡᠯ ᠂ ᠫᠠᠰᠫᠣᠷᠲ ᠂ ᠰᠢᠶᠠᠩᠭᠠᠩ ᠣᠣᠮᠧᠨ ᠲᠠᠢᠧᠠᠨ ᠳ᠋ᠤ ᠨᠡᠪᠲᠡᠷᠡᠬᠦ ᠦᠨᠡᠮᠯᠡᠯ ᠂ ᠵᠢᠯᠤᠭᠤᠴᠢ ᠶᠢᠨ ᠦᠨᠡᠮᠯᠡᠯ ᠂ ᠨᠡᠢᠭᠡᠮ ᠦᠨ ᠪᠠᠲᠤᠯᠠᠭ᠎ᠠ ᠶᠢᠨ ᠺᠠᠷᠲ ᠂ ᠰᠤᠷᠤᠭᠴᠢ ᠶᠢᠨ ᠦᠨᠡᠮᠯᠡᠯ ᠵᠡᠷᠭᠡ ᠪᠡᠨ ᠠᠪᠴᠤ ᠣᠢᠷ᠎ᠠ ᠬᠠᠪᠢ ᠶᠢᠨ ᠪᠡᠶ᠎ᠡ ᠶᠢᠨ ᠦᠨᠡᠮᠯᠡᠯ ᠢ ᠣᠨᠳᠣᠣ ᠭᠠᠵᠠᠷ ᠲᠤ ᠬᠦᠯᠢᠶᠡᠨ ᠠᠪᠴᠤ ᠰᠢᠳᠪᠦᠷᠢᠯᠡᠬᠦ ᠴᠡᠭ ᠲᠦ ᠬᠦᠷᠴᠦ ᠪᠡᠶ᠎ᠡ ᠶᠢᠨ ᠦᠨᠡᠮᠯᠡᠯ ᠢᠶᠡᠨ ᠰᠣᠯᠢᠵᠤ ᠠᠪᠬᠤ ᠪᠤᠶᠤ ᠨᠦᠬᠦᠵᠦ ᠬᠢᠯᠭᠡᠬᠦ ᠭᠤᠶᠤᠴᠢᠯᠠᠯ ᠢᠶᠠᠨ ᠲᠡᠪᠰᠢᠭᠦᠯᠦᠨ ᠰᠢᠳᠪᠦᠷᠢᠯᠡᠵᠦ ᠪᠣᠯᠣᠨ᠎ᠠ ᠃ ᠡᠭᠦᠨ ᠳ᠋ᠦ ᠳᠣᠣᠷᠠᠬᠢ ᠪᠠᠢᠳᠠᠯ ᠪᠠᠢᠪᠠᠰᠤ ᠬᠦᠯᠢᠶᠡᠨ ᠠᠪᠴᠤ ᠰᠢᠳᠪᠦᠷᠢᠯᠡᠬᠦ ᠬᠦᠷᠢᠶᠡᠨ ᠳ᠋ᠦ ᠪᠠᠭᠲᠠᠬᠤ  ᠦᠭᠡᠢ ᠃ ᠠᠩᠬ᠎ᠠ ᠤᠳᠠᠭ᠎ᠠ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠭᠤᠶᠤᠴᠢᠯᠠᠨ ᠠᠪᠴᠤ ᠪᠠᠢᠭ᠎ᠠ᠃ ᠵᠢᠰᠦ ᠳᠥᠷᠬᠦ ᠨᠢ ᠨᠡᠯᠢᠶᠡᠳ ᠶᠡᠬᠡ ᠬᠤᠪᠢᠷᠠᠯᠲᠠ ᠭᠠᠷᠤᠭᠰᠠᠨ ᠮᠦᠷᠲᠡᠭᠡᠨ ᠰᠠᠭᠤᠭᠠᠯᠢ ᠠᠷᠠᠳ ᠤᠨ ᠪᠡᠶ᠎ᠡ ᠶᠢᠨ ᠦᠨᠡᠮᠯᠡᠯ ᠦᠨ ᠬᠤᠷᠤᠭᠤᠨ ᠣᠷᠣᠮ ᠤᠨ ᠮᠡᠳᠡᠭᠡ ᠵᠠᠩᠭᠢ ᠪᠠᠨ ᠲᠠᠩᠰᠠᠯᠠᠭᠤᠯᠤᠭᠰᠠᠨ ᠦᠭᠡᠢ ᠃ ᠰᠠᠭᠤᠭᠠᠯᠢ ᠠᠷᠠᠳ ᠤᠨ ᠡᠷᠦᠬᠡ ᠠᠮᠠ ᠶᠢᠨ ᠲᠠᠩᠰᠠ ᠶᠢᠨ ᠲᠡᠪᠲᠡᠷ ᠂ ᠪᠡᠶ᠎ᠡ ᠶᠢᠨ ᠦᠨᠡᠮᠯᠡᠯ ᠂ ᠫᠠᠰᠫᠣᠷᠲ ᠂ ᠵᠢᠯᠤᠭᠤᠴᠢ ᠶᠢᠨ ᠦᠨᠡᠮᠯᠡᠯ ᠢ ᠬᠠᠭᠤᠷᠮᠠᠭᠯᠠᠨ ᠵᠤᠬᠢᠶᠠᠭᠰᠠᠨ ᠂ ᠬᠤᠲᠠᠯᠳᠤᠵᠤ ᠠᠪᠤᠭᠰᠠᠨ ᠂ ᠨᠡᠷ᠎ᠡ ᠤᠷᠤᠯᠠᠵᠤ ᠬᠠᠭᠤᠷᠮᠠᠭᠯᠠᠨ ᠠᠪᠤᠭᠰᠠᠨ ᠂ ᠬᠠᠭᠤᠷᠮᠠᠭᠯᠠᠨ ᠬᠡᠷᠡᠭᠯᠡᠭᠰᠡᠨ ᠃ ᠤᠯᠤᠰ ᠤᠨ ᠢᠲᠡᠭᠡᠮᠵᠢ ᠶᠢᠨ ᠮᠡᠳᠡᠭᠡ ᠵᠠᠩᠭᠢ ᠵᠢ ᠬᠠᠮᠲᠤ ᠡᠳᠯᠡᠬᠦ ᠰᠤᠯᠢᠴᠠᠭᠠᠨ  ᠤ ᠲᠡᠪᠴᠡᠩ ᠲᠡᠭᠡᠷ᠎ᠡ ᠢᠲᠡᠭᠡᠮᠵᠢ ᠮᠠᠭᠤ ᠲᠡᠮᠳᠡᠭᠯᠡᠯ ᠦᠯᠡᠲᠡᠭᠡᠭᠰᠡᠨ ᠵᠡᠷᠭᠡ ᠃
     ᠢᠷᠡᠯᠳᠡ᠄ ᠠᠷᠠᠳ ᠤᠨ ᠰᠦᠯᠵᠢᠶ᠎ᠡ

 

28个省市流动人口可在内蒙古办理身份证

自2月20日起,全区公安机关开始受理北京、河北、山西、山东、河南、广西、陕西、甘肃、青海、宁夏等10个省(市、自治区)在内蒙古合法稳定就业、就学、居住的流动人口异地换领补领身份证申请。至此,内蒙古公安机关跨省身份证异地受理业务范围由原来18个省市,扩大至28个省份。
  28个省(市、自治区)籍群众身份证丢失、损坏或者到期,本人可携带身份证或户口簿、居住证、护照、港澳台通行证、驾驶证、社会保障卡、学生证等就近到身份证异地受理点申请办理身份证换领补领事项。其中,下列情形不在受理范围内:首次申领居民身份证的;相貌特征发生较大变化,且居民身份证未登记指纹信息的;伪造、买卖、冒领、冒用居民户口簿、身份证、护照、驾驶证的;国家信用信息共享交换平台推送有不良信用记录的。
         来源:内蒙古新闻网

Posted in ᠠᠮᠢᠳᠤᠷᠠᠯ ᠤᠨ ᠬᠠᠨᠢ|生活之友 and tagged .