ᠥᠪᠥᠷ ᠮᠣᠩᠭᠣᠯ ᠤᠨ《ᠲᠠᠪᠤᠨ ᠬᠦᠮᠦᠨ ᠠᠶᠠᠭ᠎ᠠ ᠢᠰᠭᠦᠯᠬᠦ》ᠲᠣᠭᠯᠠᠯᠲᠠ · 内蒙古《五人踢碗》节目创造一项吉尼斯世界纪录

 

ᠥᠪᠥᠷ ᠮᠣᠩᠭᠣᠯ ᠤᠨ《ᠲᠠᠪᠤᠨ ᠬᠦᠮᠦᠨ ᠠᠶᠠᠭ᠎ᠠ ᠢᠰᠭᠦᠯᠬᠦ》ᠲᠣᠭᠯᠠᠯᠲᠠ ᠨᠢ ᠭᠢᠨᠢᠰ ᠦᠨ ᠲᠡᠯᠡᠬᠡᠢ ᠶᠢᠨ ᠲᠡᠮᠳᠡᠭᠯᠡᠯ ᠢ ᠡᠭᠦᠳᠪᠡ

2ᠰᠠᠷ᠎ᠠ ᠶᠢᠨ 14 ᠦ ᠡᠳᠦᠷ ᠰᠣᠷᠪᠤᠯᠵᠢᠯᠠᠭᠴᠢ ᠥᠪᠥᠷ ᠮᠣᠩᠭᠣᠯ ᠤᠨ ᠦᠨᠳᠦᠰᠦᠲᠡᠨ ᠦ ᠤᠷᠠᠯᠢᠭ ᠤᠨ ᠲᠢᠶᠠᠲ᠋ᠷ ᠤᠨ ᠼᠢᠷᠺ ᠦᠨ ᠪᠦᠯᠬᠦᠮ ᠡᠴᠡ ᠣᠢᠯᠠᠭᠠᠭᠰᠠᠨ ᠢᠶᠠᠷ ᠂ ᠲᠤᠰ ᠪᠦᠯᠬᠦᠮ ᠦᠨ《ᠲᠠᠪᠤᠨ ᠬᠦᠮᠦᠨ ᠠᠶᠠᠭ᠎ᠠ ᠢᠰᠭᠦᠯᠬᠦ》ᠲᠣᠭᠯᠠᠯᠲᠠ ᠨᠢ ᠭᠢᠨᠢᠰ ᠦᠨ ᠰᠢᠨ᠎ᠡ ᠨᠢᠭᠡᠨ ᠲᠡᠯᠡᠬᠡᠢ ᠶᠢᠨ ᠲᠡᠮᠳᠡᠭᠯᠡᠯ ᠢ ᠡᠭᠦᠳᠦᠭᠰᠡᠨ ᠪᠠᠢᠨ᠎ᠠ ᠃
  ᠥᠪᠥᠷ ᠮᠣᠩᠭᠣᠯ ᠤᠨ ᠦᠨᠳᠦᠰᠦᠲᠡᠨ ᠦ ᠤᠷᠠᠯᠢᠭ ᠤᠨ ᠲᠢᠶᠠᠲ᠋ᠷ ᠤᠨ ᠼᠢᠷᠺ ᠦᠨ ᠪᠦᠯᠬᠦᠮ ᠦᠨ ᠲᠠᠷᠤᠭ᠎ᠠ ᠲᠠᠨ᠎ᠠ ᠰᠣᠷᠪᠤᠯᠵᠢᠯᠠᠭᠴᠢ ᠳ᠋ᠤ ᠬᠡᠯᠡᠭᠰᠡᠨ  ᠨᠢ ᠂ ᠬᠡᠳᠦᠨ ᠡᠳᠦᠷ ᠦᠨ ᠡᠮᠦᠨ᠎ᠡ ᠼᠢᠷᠺ ᠦᠨ ᠪᠦᠯᠬᠦᠮ ᠬᠤᠨᠠᠨ ᠤ ᠣᠳᠣᠨ ᠲᠧᠯᠧᠢᠰ ᠦᠨ ᠣᠷᠢᠯᠠᠭ᠎ᠠ ᠪᠠᠷ《ᠴᠠᠭᠠᠨ ᠰᠠᠷ᠎ᠠ ᠶᠢᠨ ᠠᠷᠪᠠᠨ ᠲᠠᠪᠤᠨ ᠤ ᠲᠣᠭᠯᠠᠯᠲᠠ(元宵喜乐会)》ᠳ᠋ᠤ ᠣᠷᠣᠯᠴᠠᠵᠤ ᠲᠣᠭᠯᠠᠯᠲᠠ ᠰᠢᠩᠭᠡᠭᠡᠨ ᠦᠢᠯᠡᠳᠴᠤ ᠂ 11 ᠦ ᠡᠳᠦᠷ ᠦᠨ ᠥᠷᠯᠦᠭᠡ ᠡᠷᠲᠡ ᠶᠢᠨ 1 ᠴᠠᠭ 58 ᠮᠢᠨᠦᠲ ᠳ᠋ᠦ ᠨᠢᠭᠡᠨ ᠵᠦᠢᠯ ᠦᠨ ᠭᠢᠨᠢᠰ ᠦᠨ ᠲᠡᠯᠡᠬᠡᠢ ᠶᠢᠨ ᠲᠡᠮᠳᠡᠭᠯᠡᠯ ᠢ ᠡᠭᠦᠳᠦᠭᠰᠡᠨ ᠪᠠᠢᠨ᠎ᠠ ᠃ ᠲᠤᠰ ᠲᠦᠷᠦᠯ ᠵᠦᠢᠯ ᠨᠢ 4 ᠬᠦᠮᠦᠨ 40 ᠰᠧᠺᠦᠨᠳ᠋ ᠦᠨ ᠳᠣᠲᠣᠷ᠎ᠠ ᠡᠭᠡᠯᠵᠢᠯᠡᠨ 32 ᠠᠶᠠᠭ᠎ᠠ ᠢᠰᠭᠦᠯᠦᠨ ᠭᠠᠷᠭᠠᠵᠤ 1 ᠬᠦᠮᠦᠨ ᠬᠣᠶᠠᠷ ᠮᠧᠲ᠋ᠷ ᠡᠴᠡ ᠪᠠᠭ᠎ᠠ ᠦᠭᠡᠢ ᠵᠠᠢ ᠶᠢᠨ ᠬᠣᠯᠠ ᠡᠴᠠ ᠠᠶᠠᠭ᠎ᠠ ᠶᠢ ᠲᠣᠰᠣᠨ ᠠᠪᠳᠠᠭ ᠃ ᠡᠨᠡ ᠨᠢᠭᠡᠨ ᠲᠦᠷᠦᠯ ᠵᠦᠢᠯ  ᠨᠢ ᠂ ᠰᠢᠨ᠎ᠡ ᠨᠢᠭᠡ ᠵᠦᠢᠯ ᠦᠨ ᠭᠢᠨᠢᠰ ᠦᠨ ᠲᠡᠯᠡᠬᠡᠢ ᠶᠢᠨ ᠲᠡᠮᠳᠡᠭᠯᠡᠯ ᠢ ᠡᠭᠦᠳᠴᠡᠢ ᠃ ᠲᠣᠭᠯᠠᠯᠲᠠ ᠶᠢᠨ ᠲᠤᠬᠠᠢ ᠶᠢᠨ ᠲᠠᠯᠠᠪᠤᠷ ᠲᠤ ᠭᠡᠷᠡᠴᠢᠯᠡᠨ ᠮᠠᠭᠠᠳᠯᠠᠭᠴᠢ ᠡᠴᠠ ᠼᠢᠷᠺ ᠦᠨ ᠪᠦᠯᠬᠦᠮ ᠳ᠋ᠦ ᠦᠨᠡᠮᠯᠡᠯ ᠭᠠᠷᠲᠠᠭᠤᠯᠪᠠ ᠃
  ᠣᠢᠯᠠᠭᠠᠭᠰᠠᠨ ᠢᠶᠠᠷ ᠂ ᠥᠪᠥᠷ ᠮᠣᠩᠭᠣᠯ ᠤᠨ ᠦᠨᠳᠦᠰᠦᠲᠡᠨ ᠦ ᠤᠷᠠᠯᠢᠭ ᠤᠨ ᠲᠢᠶᠠᠲ᠋ᠷ ᠤᠨ ᠼᠢᠷᠺ ᠦᠨ ᠪᠦᠯᠬᠦᠮ ᠨᠢ 1960ᠣᠨ ᠳ᠋ᠤ ᠡᠬᠢᠯᠡᠨ ᠪᠠᠢᠭᠤᠯᠤᠭᠳᠠᠵᠤ ᠂ ᠥᠪᠥᠷ ᠮᠣᠩᠭᠣᠯ ᠣᠷᠣᠨ ᠤ ᠴᠣᠷ ᠤᠨ ᠭᠠᠭᠴᠠ ᠤᠯᠤᠰ ᠤᠨ ᠲᠤᠰᠬᠠᠢ ᠮᠡᠷᠭᠡᠵᠢᠯ ᠦᠨ ᠼᠢᠷᠺ ᠦᠨ ᠤᠷᠠᠯᠢᠭ ᠤᠨ ᠲᠣᠭᠯᠠᠯᠲᠠ ᠶᠢᠨ ᠪᠦᠯᠬᠦᠮ ᠪᠣᠯᠣᠨ᠎ᠠ ᠂ ᠳᠤᠮᠳᠠᠳᠤ ᠤᠯᠤᠰ ᠤᠨ ᠤᠯᠠᠮᠵᠢᠯᠠᠯᠲᠤ ᠼᠢᠷᠺ ᠦᠨ ᠤᠷᠠᠯᠢᠭ ᠢ ᠤᠯᠠᠮᠵᠢᠯᠠᠨ ᠵᠠᠯᠭᠠᠮᠵᠢᠯᠠᠭᠰᠠᠨ ᠰᠠᠭᠤᠷᠢᠨ ᠲᠡᠭᠡᠷ᠎ᠡ ᠂ ᠰᠢᠨ᠎ᠡ ᠶᠢ ᠡᠬᠦᠲᠦᠨ ᠬᠦᠭᠵᠢᠨ ᠴᠡᠴᠡᠭᠯᠡᠵᠦ ᠂ ᠦᠨᠳᠦᠰᠦᠲᠡᠨ ᠦ ᠬᠡᠪ ᠨᠠᠮᠪᠠ ᠪᠠ ᠭᠠᠵᠠᠷ ᠣᠷᠣᠨ ᠤ ᠣᠨᠴᠠᠯᠢᠭ ᠲᠠᠢ ᠲᠣᠭᠯᠠᠯᠲᠠ ᠶᠢ ᠲᠠᠰᠤᠷᠠᠯᠲᠠ ᠦᠭᠡᠢ ᠵᠤᠬᠢᠶᠠᠨ ᠪᠦᠲᠦᠭᠡᠵᠦ ᠢᠷᠡᠭᠰᠡᠨ ᠶᠤᠮ ᠃ ᠼᠢᠷᠺ ᠦᠨ ᠪᠦᠯᠬᠦᠮ ᠦᠨ ᠲᠣᠭᠯᠠᠭᠰᠠᠨ ᠲᠣᠭᠯᠠᠯᠲᠠ ᠨᠢ ᠨᠡᠢᠲᠡ 10 ᠭᠠᠷᠤᠢ ᠤᠳᠠᠭ᠎ᠠ ᠠᠯᠲᠠ ᠂ ᠮᠦᠩᠬᠦ᠂ ᠬᠦᠷᠡᠯ ᠵᠡᠷᠭᠡ ᠠᠳᠠᠯᠢ ᠪᠣᠰᠣ ᠲᠡᠰ ᠦᠨ ᠲᠡᠯᠡᠬᠡᠢ ᠶᠢᠨ ᠱᠠᠩᠨᠠᠯ ᠢ ᠬᠦᠷᠲᠡᠨ ᠂ 30 ᠭᠠᠷᠤᠢ ᠤᠳᠠᠭ᠎ᠠ ᠤᠯᠤᠰ ᠤᠨ ᠳᠣᠲᠣᠭᠠᠳᠤ ᠶᠢᠨ ᠱᠠᠩᠨᠠᠯ ᠢ ᠬᠦᠷᠲᠡᠪᠡ ᠂ ᠲᠡᠭᠦᠨ ᠦ ᠣᠯᠠᠨ ᠡᠴᠠ ᠬᠡᠳᠦᠢᠳᠦᠭᠰᠡᠨ ᠤᠷ᠎ᠠ ᠮᠡᠷᠭᠡᠵᠢᠯ ᠪᠣᠯᠣᠨ ᠨᠠᠷᠢᠯᠢᠭ ᠰᠣᠳᠣᠨ ᠲᠣᠭᠯᠠᠯᠲᠠ ᠨᠢ ᠤᠯᠤᠰ ᠤᠨ ᠳᠣᠲᠣᠭᠠᠳᠤ ᠭᠠᠳᠠᠭᠠᠳᠤ ᠶᠢᠨ ᠦᠵᠡᠭᠴᠢᠳ ᠦᠨ ᠮᠠᠭᠲᠠᠭᠠᠯ ᠰᠠᠢᠰᠢᠶᠠᠯ ᠢ ᠦᠷᠭᠡᠨ ᠢᠶᠡᠷ ᠣᠯᠵᠠᠢ ᠃ ᠣᠯᠠᠨ ᠵᠢᠯ ᠦᠨ ᠲᠤᠷᠰᠢ ᠂ᠲᠤᠰ ᠡᠩᠨᠡᠭᠡ ᠵᠢᠨ ᠤᠯ᠎ᠠ ᠮᠦᠷ 40ᠰᠢᠬᠠᠮ ᠤᠯᠤᠰ ᠪᠠ ᠭᠠᠵᠠᠷ ᠣᠷᠣᠨ ᠳ᠋ᠤ ᠲᠦᠭᠡᠵᠦ ᠂ ᠦᠨᠳᠦᠰᠦᠲᠡᠨ ᠦ ᠼᠢᠷᠺ ᠦᠨ ᠤᠷᠠᠯᠢᠭ ᠢ ᠪᠠᠲᠠᠷᠠᠭᠤᠯᠬᠤ ᠂ ᠭᠠᠳᠠᠭᠠᠳᠤ  ᠯᠤᠭ᠎ᠠ ᠶᠢᠨ ᠰᠣᠶᠣᠯ ᠤᠨ ᠰᠣᠯᠢᠯᠴᠠᠭ᠎ᠠ ᠪᠠ ᠡᠯ᠎ᠡ ᠤᠯᠤᠰ ᠤᠨ ᠠᠷᠠᠳ ᠲᠦᠮᠡᠨ ᠦ ᠬᠣᠭᠣᠷᠣᠨᠳᠤᠬᠢ ᠨᠦᠬᠦᠷᠯᠡᠯ ᠢ ᠠᠬᠢᠭᠤᠯᠬᠤ ᠳ᠋ᠤ ᠴᠢᠬᠤᠯᠠ ᠬᠤᠪᠢ ᠨᠡᠮᠡᠷᠢ ᠦᠵᠡᠭᠦᠯᠵᠡᠢ ᠃
     ᠢᠷᠡᠯᠳᠡ᠄ ᠠᠷᠠᠳ ᠤᠨ ᠰᠦᠯᠵᠢᠶ᠎ᠡ

 
 

内蒙古自治区《五人踢碗》节目创造一项吉尼斯世界纪录

2月14日,记者从内蒙古民族艺术剧院杂技团获悉,该团《五人踢碗》节目创造了一项吉尼斯世界纪录。

内蒙古民族艺术剧院杂技团团长塔纳告诉记者,几日前,杂技团受湖南卫视邀请参加《元宵喜乐会》节目录制,于11日凌晨1点58分创造了一项吉尼斯世界纪录。该项目由4个人在40秒之内轮流踢出32个碗,由一个人在不低于2米的距离内将碗接住。这一项目,创造了一项新的吉尼斯世界纪录。节目现场,认证官将证书颁发给了杂技团。

据了解,内蒙古民族艺术剧院杂技团始建于1960年,是我区唯一的国家专业杂技艺术表演团体,在继承中国传统杂技艺术的基础上,发展创新,不断推出具有民族风格和地域特色的节目。杂技团表演的节目曾十余次荣获金、银、铜等不同级别的国际大奖,国内获奖累计有三十余次,其高超的技艺和精湛的表演赢得了海内外观众的广泛赞誉。多年来,这支队伍足迹遍及近40个国家和地区,为弘扬民族杂技艺术,促进对外文化交流和增进各国人民间的友谊做出了重要贡献。

来源: 正北方网-内蒙古日报

 
Posted in ᠰᠤᠶᠤᠯ ᠤᠷᠠᠯᠢᠭ |文化信息 and tagged .