ᠦᠪᠤᠷ ᠮᠤᠩᠭᠤᠯ᠄ 2020 ᠣᠨ ᠪᠤᠯᠬᠤ ᠳ᠋ᠤ ᠡᠷᠳᠡᠨᠢ ᠰᠢᠰᠢ·内蒙古:到2020年农牧业将改变玉米、羊独大的单一种养结构

ᠦᠪᠤᠷ ᠮᠤᠩᠭᠤᠯ᠄ 2020 ᠣᠨ ᠪᠤᠯᠬᠤ ᠳ᠋ᠤ ᠲᠠᠷᠢᠶᠠᠯᠠᠩ ᠮᠠᠯ ᠠᠵᠤ ᠠᠬᠤᠢ ᠵᠢᠨ ᠡᠷᠳᠡᠨᠢ ᠰᠢᠰᠢ᠂ ᠬᠤᠨᠢ ᠢᠮᠠᠭ᠎ᠠ ᠪᠠᠷ ᠭᠤᠤᠯᠯᠠᠭᠰᠠᠨ ᠪᠦᠲᠦᠴᠡ ᠵᠢ ᠬᠤᠪᠢᠷᠠᠭᠤᠯᠤᠨ᠎ᠠ

ᠦᠪᠤᠷ ᠮᠤᠩᠭᠤᠯ ᠤᠨ ᠬᠢᠨ ᠲᠤᠷᠠᠳᠤᠭᠰᠠᠨ ᠨᠢ ᠂ 2020ᠣᠨ ᠪᠤᠯᠬᠤ ᠳ᠋ᠤ ᠪᠦᠬᠦ ᠤᠷᠤᠨ ᠤ ᠲᠠᠷᠢᠶᠠᠯᠠᠩ ᠮᠠᠯ ᠠᠵᠤ ᠠᠬᠤᠢ ᠵᠢᠨ ᠤᠳᠤᠬᠢᠴᠢᠯᠠᠯᠲᠠ ᠵᠢᠨ ᠪᠦᠲᠦᠭᠡᠨ ᠪᠠᠢᠭᠤᠯᠤᠯᠲᠠ ᠵᠢ ᠢᠯᠡᠳᠲᠡ ᠠᠬᠢᠯᠲᠠ ᠲᠠᠢ ᠪᠤᠯᠭᠠᠵᠤ ᠂ ᠶᠡᠷᠦᠩᠭᠡᠢᠯᠡᠭᠰᠡᠨ ᠦᠢᠯᠡᠳᠪᠤᠷᠢᠯᠡᠬᠦ ᠴᠢᠳᠠᠪᠤᠷᠢ ᠪᠠ ᠮᠠᠯ ᠲᠠᠷᠢᠶᠠᠯᠠᠩ ᠤᠨ ᠪᠥᠳᠤᠭᠡᠭᠳᠠᠬᠦᠨ ᠤ ᠶᠠᠰᠤ ᠴᠢᠨᠠᠷ ᠤᠨ ᠠᠮᠤᠷ ᠲᠦᠪᠰᠢᠨ ᠦ ᠬᠢᠷᠢ ᠲᠦᠪᠰᠢᠨ ᠢ ᠲᠤᠭᠲᠠᠭᠤᠨ ᠵᠢᠡᠷ ᠲᠡᠭᠡᠭᠰᠢᠯᠡᠬᠦᠯᠦᠨ᠎ᠡ᠃
  5000 ᠲᠦᠮᠡᠨ ᠮᠦ ᠲᠦᠪᠯᠡᠷᠡᠨ ᠵᠠᠯᠭᠠᠯᠳᠤᠭᠰᠠᠨ ᠂ ᠭᠠᠩᠳᠠᠵᠤ ᠤᠰᠤᠳᠤᠭᠰᠠᠨ ᠴᠦ ᠭᠠᠷᠤᠯᠲᠠ ᠪᠠᠨ ᠪᠠᠲᠤᠯᠠᠬᠤ ᠂ ᠲᠤᠭᠳᠠᠪᠤᠷᠢᠳᠠᠢ ᠪᠦᠭᠡᠳ ᠤᠨᠠᠯᠲᠠ ᠰᠠᠢᠲᠠᠢ ᠂ ᠠᠮᠢ ᠠᠬᠤᠢ ᠳ᠋ᠤ ᠨᠦᠬᠦᠷᠰᠡᠭ ᠦᠨᠳᠤᠷ ᠪᠠᠷᠢᠮᠵᠢᠶᠠᠳᠤ ᠲᠠᠷᠢᠶᠠᠨ ᠭᠠᠵᠠᠷ ᠢ ᠪᠠᠢᠭᠤᠯᠤᠨ ᠪᠦᠲᠦᠭᠡᠨ᠎ᠡ᠃ ᠪᠦᠬᠦ ᠤᠷᠤᠨ ᠳ᠋ᠤ ᠭᠤᠤᠯ ᠪᠤᠯᠬᠤ ᠲᠠᠷᠢᠮᠠᠯ ᠤᠨ ᠵᠦᠢᠯ ᠦᠨ ᠰᠢᠨ᠎ᠡ ᠨᠢᠭᠡᠨ ᠡᠭᠡᠯᠵᠢ ᠵᠢᠨ ᠡᠬᠦᠯᠳᠡᠷ ᠰᠤᠯᠢᠬᠤ ᠠᠵᠢᠯ ᠢ ᠪᠡᠶᠡᠯᠡᠬᠦᠯᠵᠤ ᠂ ᠮᠠᠯ ᠵᠢᠬᠦᠷᠲᠡᠨ ᠦ ᠰᠠᠢᠨ ᠡᠬᠦᠯᠳᠡᠷ ᠢ ᠨᠡᠢᠲᠡᠮ ᠲᠡᠯᠭᠡᠷᠡᠬᠦᠯᠦᠨ᠎ᠡ᠃ ᠦᠨᠢᠶᠡᠨ ᠰᠦ ᠵᠢᠨ ᠭᠠᠷᠤᠯᠲᠠ ᠵᠢ 800 ᠲᠦᠮᠡᠨ ᠲᠤᠨ ᠤᠷᠴᠢᠮ ᠳ᠋ᠤ ᠲᠤᠭᠲᠠᠪᠤᠷᠢᠵᠢᠭᠤᠯᠤᠨ ᠂ ᠮᠢᠬᠠᠨ ᠤ ᠵᠦᠢᠯ ᠦᠨ ᠶᠡᠷᠦᠩᠭᠡᠢ ᠭᠠᠷᠤᠯᠲᠠ ᠵᠢ 280 ᠲᠦᠮᠡᠨ ᠲᠤᠨ ᠬᠦᠷᠭᠡᠨ᠎ᠡ ᠃ ᠲᠥᠯ ᠮᠠᠯ ᠤᠨ ᠣᠨᠳᠣᠷᠣᠯᠲᠠ ᠵᠢᠨ ᠨᠣᠷᠮ᠎ᠠ ᠵᠢ 98% ᠡᠴᠡ ᠲᠡᠭᠡᠭᠰᠢ ᠪᠠᠢᠯᠭᠠᠵᠤ ᠂ ᠪᠤᠳᠠ ᠪᠤᠭ ᠮᠠᠯ ᠤᠨ ᠰᠦᠢᠳᠦᠯ ᠦᠨ ᠨᠤᠷᠮ᠎ᠠ ᠵᠢ 1.2% ᠡᠴᠡ ᠲᠤᠭᠤᠭᠰᠢ ᠪᠤᠯᠭᠠᠨ᠎ᠠ ᠃ ᠴᠢᠨᠠᠷ ᠰᠠᠢᠲᠠᠢ ᠡᠪᠡᠰᠦᠨ ᠦ ᠲᠦᠷᠦᠯ ᠦᠨ ᠵᠢᠯ ᠤᠨ ᠦᠢᠯᠡᠳᠪᠤᠷᠢᠯᠡᠬᠦ ᠴᠢᠳᠠᠪᠤᠷᠢ ᠵᠢ 800 ᠲᠦᠮᠡᠨ ᠲᠤᠨ ᠬᠦᠷᠭᠡᠨ᠎ᠡ ᠃ ᠤᠰᠤᠨ ᠤ ᠭᠠᠷᠤᠯᠲᠠ ᠵᠢᠨ ᠶᠡᠷᠦᠩᠭᠡᠢ ᠬᠡᠮᠵᠢᠶ᠎ᠡ ᠵᠢ 18 ᠲᠦᠮᠡᠨ ᠲᠤᠨ ᠬᠦᠷᠭᠡᠨ᠎ᠡ ᠃
  ᠲᠦᠯᠦᠪᠵᠢᠬᠦᠯᠭᠡ ᠳ᠋ᠤ ᠂ ᠦᠪᠤᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠵᠢᠨ ᠡᠷᠳᠡᠨᠢ ᠰᠢᠰᠢ ᠂ ᠬᠤᠨᠢ ᠢᠮᠠᠭ᠎ᠠ  ᠪᠡᠷ ᠭᠤᠤᠯᠯᠠᠭᠰᠠᠨ ᠲᠠᠩ ᠴᠤᠯᠭᠤᠢ ᠲᠡᠵᠢᠭᠡᠨ ᠦᠷᠡᠵᠢᠬᠦᠯᠬᠦ ᠪᠦᠲᠦᠴᠡ ᠵᠢ ᠢᠳᠡᠪᠬᠢᠲᠠᠢ ᠬᠤᠪᠢᠷᠠᠭᠤᠯᠵᠤ ᠂ ᠠᠮᠤ ᠪᠤᠳᠠᠭᠠᠨ ᠤ ᠲᠠᠷᠢᠮᠠᠯ ᠢ ᠪᠤᠷᠳᠤᠭᠠᠨ ᠲᠡᠷᠢᠮᠠᠯ ᠪᠤᠯᠭᠠᠨ ᠦᠭᠡᠷᠡᠴᠢᠯᠡᠬᠦ ᠪᠠ 《ᠬᠤᠨᠢ ᠢᠮᠠᠭᠠᠨ ᠤ ᠲᠤᠭ᠎ᠠ ᠵᠢ ᠲᠤᠭᠲᠠᠪᠤᠷᠢᠵᠢᠭᠤᠯᠤᠨ ᠦᠭᠡᠷ ᠦᠨ ᠲᠤᠭ᠎ᠠ ᠵᠢ ᠨᠡᠮᠡᠭᠳᠡᠬᠦᠯᠵᠤ ᠭᠠᠬᠠᠢ ᠵᠢᠬᠦᠷᠲᠡᠨ ᠦ ᠲᠤᠭ᠎ᠠ ᠵᠢ ᠦᠷᠭᠡᠳᠭᠡᠬᠦ》ᠬᠦᠭᠵᠢᠯᠲᠡ ᠵᠢᠨ ᠰᠡᠳᠬᠢᠮᠵᠢ ᠵᠢ ᠶᠡᠭᠡᠪᠡᠷ ᠬᠡᠷᠡᠭᠵᠢᠬᠦᠯᠦᠨ ᠂ ᠲᠡᠵᠢᠭᠡᠯ ᠡᠪᠡᠰᠦ ᠪᠤᠷᠳᠤᠭ᠎ᠠ ᠦᠢᠯᠡᠳᠪᠤᠷᠢᠯᠡᠬᠦ ᠲᠠᠯᠳᠠ ᠴᠢᠳᠠᠪᠤᠷᠢ ᠵᠢ ᠠᠭᠤᠳᠠᠯᠵᠤ ᠂ ᠮᠢᠩᠭᠠᠨ ᠲᠦᠮᠡᠨ ᠠᠯᠠᠰᠢᠨ ᠦᠭᠡᠷ ᠦᠨ ᠬᠦᠭᠵᠢᠯᠲᠡ ᠵᠢᠨ ᠲᠤᠰᠬᠠᠢ ᠠᠵᠢᠯᠯᠠᠭ᠎ᠠ ᠵᠢ ᠦᠷᠨᠢᠬᠦᠯᠦᠨ ᠂ ᠠᠮᠤ ᠪᠤᠳᠠᠭᠠᠨ ᠤ ᠭᠤᠤᠯ ᠭᠠᠷᠤᠯᠲᠠ ᠵᠢᠨ ᠤᠷᠤᠨ ᠳ᠋ᠤ ᠭᠠᠬᠠᠢ ᠪᠠ ᠭᠡᠷ ᠦᠨ ᠵᠢᠬᠦᠷᠲᠡᠨ ᠦ ᠬᠡᠪᠴᠢᠶᠡᠳᠤ ᠲᠡᠵᠢᠭᠡᠨ ᠦᠷᠡᠵᠢᠬᠦᠯᠬᠦ ᠦᠢᠯᠡᠰ ᠢ ᠠᠬᠢᠭᠤᠯᠵᠤ ᠂ ᠲᠠᠷᠢᠵᠤ ᠪᠤᠢᠵᠢᠭᠤᠯᠬᠤ ᠦᠢᠯᠡᠰ ᠦᠨ ᠪᠦᠲᠦᠴᠡ ᠂ ᠮᠠᠯ ᠰᠦᠷᠦᠭ ᠮᠠᠯ ᠤᠨ ᠡᠬᠦᠯᠳᠡᠷ ᠦᠨ ᠪᠦᠲᠦᠴᠡ ᠂ ᠲᠠᠷᠢᠵᠤ ᠲᠡᠵᠢᠭᠡᠬᠦ ᠪᠦᠲᠦᠴᠡ ᠵᠢ ᠲᠠᠰᠤᠷᠠᠯᠲᠠ ᠦᠭᠡᠢ ᠰᠢᠯᠢᠳᠡᠭᠵᠢᠬᠦᠯᠦᠨ ᠲᠤᠬᠢᠷᠠᠭᠤᠯᠵᠤ ᠂ ᠬᠦᠭᠵᠢᠯᠲᠡ ᠵᠢᠨ ᠪᠦᠬᠦᠯᠢ ᠴᠤᠭᠴᠠᠳᠤ ᠴᠢᠨᠠᠷ ᠪᠠ ᠵᠤᠬᠢᠴᠠᠩᠭᠤᠢ ᠴᠢᠨᠠᠷ ᠢ ᠴᠢᠩᠭᠠᠳᠬᠠᠨ ᠂ ᠤᠯᠠᠨ ᠡᠰᠢ ᠪᠡᠷ ᠲᠤᠯᠭᠠᠭᠤᠷᠢᠯᠠᠭᠰᠠᠨ ᠲᠠᠷᠢᠶᠠᠯᠠᠩ ᠮᠠᠯ ᠠᠵᠤ ᠠᠬᠤᠢ ᠵᠢᠨ ᠬᠦᠭᠵᠢᠯᠲᠡ ᠵᠢᠨ ᠪᠠᠢᠷᠢᠰᠢᠯ ᠢ ᠪᠤᠢ ᠪᠤᠯᠭᠠᠵᠤ ᠂ ᠲᠠᠷᠢᠶᠠᠯᠠᠩ ᠮᠠᠯ ᠠᠵᠤ ᠠᠬᠤᠢ ᠵᠢ ᠤᠷᠭᠠᠨᠢᠭ ᠵᠢᠡᠷ ᠤᠶᠠᠯᠳᠤᠭᠤᠯᠤᠭᠰᠠᠨ ᠂ ᠲᠠᠷᠢᠬᠤ ᠲᠡᠵᠢᠭᠡᠬᠦ ᠵᠢ ᠤᠷᠴᠢᠯᠳᠤᠭᠤᠯᠤᠭᠰᠠᠨ ᠂ ᠠᠮᠤ ᠪᠤᠳᠠᠭ᠎ᠠ ᠪᠠ ᠲᠡᠵᠢᠭᠡᠯ ᠪᠤᠷᠳᠤᠭ᠎ᠠ ᠵᠢ ᠬᠠᠮᠳᠤ ᠳ᠋ᠤᠨᠢ ᠬᠠᠷᠠᠭᠠᠯᠵᠠᠭᠰᠠᠨ ᠰᠢᠨ᠎ᠡ ᠬᠡᠯᠪᠡᠷᠢ ᠵᠢᠨ ᠲᠠᠷᠢᠶᠠᠯᠠᠩ ᠮᠠᠯ ᠠᠵᠤ ᠠᠬᠤᠢ ᠵᠢᠨ ᠲᠠᠷᠢᠵᠤ ᠲᠡᠵᠢᠭᠡᠬᠦ ᠪᠦᠲᠦᠴᠡ ᠵᠢ ᠪᠠᠢᠭᠤᠯᠬᠤ ᠬᠡᠷᠡᠭᠲᠠᠢ ᠭᠡᠵᠤ ᠱᠠᠭᠠᠷᠳᠠᠭᠰᠠᠨ ᠪᠠᠢᠨ᠎ᠠ ᠃
     ᠢᠷᠡᠯᠳᠡ᠄ ᠠᠷᠠᠳ ᠤᠨ ᠰᠦᠯᠵᠢᠶ᠎ᠡ

内蒙古:到2020年农牧业将改变玉米、羊独大的单一种养结构

内蒙古提出到2020年,全区农牧业现代化建设取得明显进展,综合生产能力和农畜产品质量安全水平稳步提升。
  建成5000万亩集中连片、旱涝保收、稳产高产、生态友好的高标准农田。全区完成主要农作物新一轮品种更新换代,普及推广畜禽优良品种。牛奶稳定在800万吨左右、肉类总产量达到280万吨。仔畜成活率保持在98%以上,大小畜死亡率稳定控制在1.2%以下。优质草产品年生产能力达到800万吨。水产品总产量达到18万吨。
  规划要求积极改变内蒙古农牧业玉米“一粮独大”、羊“一畜独大”的单一种养结构,大力实施“粮改饲”和“稳羊增牛扩猪禽”发展思路,挖掘饲草料生产潜力,开展千万头肉牛发展专项行动,在粮食主产区推动生猪和家禽规模养殖,不断优化调整种植业结构、畜群畜种结构、种养结构,增强发展的整体性和协调性,形成多元支撑的农牧业发展格局,构建农牧有机结合、种养循环、粮草兼顾的新型农牧业种养结构。
    来源:人民日报

Posted in ᠤᠷᠤᠨ ᠨᠤᠲᠤᠭ |农牧信息 and tagged .