《ᠡᠴᠢᠭᠡ ᠵᠢᠨ ᠨᠢᠳᠤᠨ ᠬᠠᠷᠠᠴᠠ》ᠤᠯᠠᠨ ᠤᠯᠤᠰ ᠤᠨ ᠪᠢᠴᠢᠯ ᠺᠢᠨᠣ᠋ ·《父亲的目光》获金鸡电影节优秀奖

 

ᠬᠥᠯᠤᠨ ᠪᠤᠢᠷ ᠬᠤᠳᠠ ᠵᠢᠨ ᠬᠤᠤᠷ ᠴᠠᠭᠠᠵᠠᠯᠠᠬᠤ ᠰᠡᠳᠤᠪᠳᠤ ᠪᠢᠴᠢᠯ ᠺᠢᠨᠤ᠋ 《ᠡᠴᠢᠭᠡ ᠵᠢᠨ ᠨᠢᠳᠤᠨ ᠬᠠᠷᠠᠴᠠ》ᠲᠤᠮᠳᠠᠳᠤ ᠤᠯᠤᠰ ᠤᠨ ᠠᠯᠳᠠᠨ ᠲᠠᠬᠢᠶ᠎ᠠ ᠦᠨᠢᠷ ᠴᠡᠴᠡᠭ ᠺᠢᠨᠤ᠋ ᠵᠢᠨ ᠪᠠᠶᠠᠷ ᠤᠨ ᠤᠯᠠᠨ ᠤᠯᠤᠰ ᠤᠨ ᠪᠢᠴᠢᠯ ᠺᠢᠨᠣ᠋ ᠵᠢᠨ ᠤᠷᠤᠯᠳᠤᠭᠠᠨ ᠤ ᠰᠢᠯᠢᠳᠡᠭ ᠪᠦᠳᠤᠭᠡᠯ ᠤᠨ ᠱᠠᠩᠨᠠᠯ ᠲᠤᠰᠪᠠ

 ᠠᠷᠠᠳ ᠤᠨ ᠰᠦᠯᠵᠢᠶ᠎ᠡ ᠵᠢᠨ ᠬᠥᠯᠤᠨ ᠪᠤᠢᠷ ᠤᠨ 2 ᠰᠠᠷ᠎ᠠ ᠵᠢᠨ 9 ᠤ ᠡᠳᠤᠷ ᠤᠨ ᠮᠡᠳᠡᠭᠡ(ᠯᠢ ᠷᠦᠢ)ᠲᠤᠮᠳᠠᠳᠤ ᠤᠯᠤᠰ ᠤᠨ ᠠᠯᠳᠠᠨ ᠲᠠᠬᠢᠶ᠎ᠠ ᠦᠨᠢᠷ ᠴᠡᠴᠡᠭ ᠺᠢᠨᠤ᠋ ᠵᠢᠨ ᠪᠠᠶᠠᠷ ᠤᠨ ᠬᠤᠶᠠᠳᠤᠭᠠᠷ ᠬᠤᠭᠤᠴᠠᠭᠠᠨ ᠤ ᠤᠯᠠᠨ ᠤᠯᠤᠰ ᠤᠨ ᠪᠢᠴᠢᠯ ᠺᠢᠨᠤ᠋ ᠲᠡᠯᠭᠡᠨ ᠦᠵᠡᠬᠥᠯᠬᠥ ᠦᠪᠡᠳᠡᠭᠰᠢ ᠶᠤᠰᠤᠯᠠᠯ ᠲᠡᠭᠡᠷ᠎ᠠ ᠂ ᠬᠥᠯᠤᠨ ᠪᠤᠢᠷ ᠬᠤᠳᠠ ᠵᠢᠨ ᠬᠤᠤᠷ ᠴᠠᠭᠠᠵᠠᠯᠠᠬᠤ ᠠᠵᠢᠯ  ᠤᠨ ᠠᠯᠪᠠᠨ ᠭᠡᠷ ᠦᠨ ᠲᠦᠰᠤᠪᠯᠡᠨ ᠦᠢᠯᠡᠳᠦᠭᠰᠡᠨ ᠬᠤᠤᠷ ᠴᠠᠭᠠᠵᠠᠯᠠᠬᠤ ᠰᠡᠳᠤᠪᠳᠤ ᠪᠢᠴᠢᠯ ᠺᠢᠨᠤ᠋  《ᠡᠴᠢᠭᠡ ᠵᠢᠨ ᠨᠢᠳᠤᠨ ᠬᠠᠷᠠᠴᠠ》ᠨᠢ ᠪᠦᠬᠥ ᠤᠯᠤᠰ ᠵᠢᠴᠢ ᠤᠯᠠᠨ ᠤᠯᠤᠰ ᠤᠨ 4300 ᠭᠠᠷᠤᠢ ᠪᠢᠴᠢᠯ ᠺᠢᠨᠤ᠋ ᠵᠢᠨ ᠤᠷᠤᠯᠳᠤᠭᠠᠨ ᠤ ᠪᠦᠳᠤᠭᠡᠯ ᠲᠤᠳᠤᠷ᠎ᠠ ᠠᠴᠠ ᠴᠤᠯᠭᠤᠷᠠᠨ ᠭᠠᠷᠴᠤ ᠂ ᠰᠢᠯᠢᠳᠡᠭ ᠪᠦᠳᠤᠭᠡᠯ ᠦᠨ ᠱᠠᠩᠨᠠᠯ ᠲᠤᠰᠴᠤ ᠂ ᠢᠷᠠᠭᠤ ᠠᠯᠳᠠᠷ ᠢ ᠲᠠᠬᠢᠨᠳᠠ ᠬᠥᠷᠳᠡᠪᠠ ᠃ ᠡᠨᠡ ᠪᠤᠯ ᠮᠦᠨ ᠴᠤ ᠦᠪᠤᠷ ᠮᠤᠩᠭᠤᠯ  ᠤᠨ ᠦᠪᠡᠷᠳᠡᠭᠡᠨ ᠵᠠᠰᠠᠬᠤ ᠤᠷᠤᠨ ᠤ ᠲᠤᠳᠤᠭᠠᠳᠤ ᠵᠢ ᠬᠠᠮᠠᠭᠠᠯᠠᠬᠤ ᠰᠢᠰᠲ᠋ᠧᠮ ᠦᠨ ᠬᠢᠨ ᠢᠢᠮᠤ ᠢᠷᠠᠭᠤ ᠠᠯᠳᠠᠷ ᠢ ᠠᠩᠬ᠎ᠠ ᠤᠳᠠᠭ᠎ᠠ ᠬᠥᠷᠳᠡᠵᠤ ᠪᠠᠢᠭ᠎ᠠ ᠶᠠᠪᠤᠳᠠᠯ ᠮᠦᠨ ᠃
 ᠪᠢᠴᠢᠯ ᠺᠢᠨᠤ᠋ 《ᠡᠴᠢᠭᠡ ᠵᠢᠨ ᠨᠢᠳᠤᠨ ᠬᠠᠷᠠᠴᠠ》ᠨᠢ ᠬᠥᠯᠤᠨ ᠪᠤᠢᠷ ᠤᠨ ᠲᠠᠯ᠎ᠠ ᠨᠤᠳᠤᠭ ᠤᠨ ᠮᠠᠯᠵᠢᠬᠤ ᠠᠮᠢᠳᠤᠷᠠᠯ ᠵᠢᠡᠷ ᠠᠷᠤ ᠦᠵᠡᠭᠳᠡᠯ ᠪᠤᠯᠭᠠᠵᠤ ᠂ ᠬᠤᠤᠷᠳᠤ ᠡᠳ᠋ ᠦᠨ ᠭᠡᠷ ᠪᠦᠯᠢ ᠳ᠋ᠤ ᠤᠴᠠᠷᠠᠭᠤᠯᠤᠭᠰᠠᠨ ᠬᠤᠤᠷ ᠬᠥᠨᠤᠭᠡᠯ ᠵᠢᠡᠷ ᠭᠠᠷᠳᠠᠬᠤ ᠴᠡᠭ ᠪᠤᠯᠭᠠᠵᠤ ᠂ ᠬᠤᠤᠷᠳᠤ ᠡᠳ᠋ ᠦᠨ ᠬᠤᠤᠷ ᠬᠥᠨᠤᠭᠡᠯᠳᠤ ᠴᠢᠨᠠᠷ ᠪᠤᠯᠤᠨ ᠬᠤᠤᠷ ᠴᠠᠭᠠᠵᠠᠯᠬᠠᠤ ᠠᠵᠢᠯ  ᠤᠨ ᠪᠠᠴᠢᠮ ᠲᠤᠯᠭᠠᠮ ᠴᠢᠨᠠᠷ ᠢ ᠲᠦᠷᠰᠤᠯᠡᠨ ᠭᠠᠷᠭᠠᠪᠠ ᠃ ᠤᠯᠠᠨ ᠲᠦᠮᠡᠨ ᠦ ᠦᠵᠡᠵᠤ ᠰᠤᠨᠢᠷᠬᠠᠬᠤ ᠲᠤᠷᠠᠳᠠᠢ ᠤᠷᠠᠯᠢᠬ  ᠤᠨ ᠬᠡᠯᠪᠡᠷᠢ ᠪᠡᠷ ᠲᠡᠮᠵᠢᠭᠤᠯᠤᠨ ᠂ ᠬᠤᠤᠷ ᠴᠠᠭᠠᠵᠠᠯᠠᠬᠤ ᠤᠬᠠᠭᠤᠯᠭ᠎ᠠ ᠬᠥᠮᠤᠵᠢᠯ ᠦᠨ ᠤᠷᠤᠯᠴᠠᠬᠤ ᠬᠡᠪᠴᠢᠶ᠎ᠠ ᠪᠠ ᠬᠥᠷᠳᠡᠭᠡᠬᠥ ᠬᠡᠪᠴᠢᠶ᠎ᠠ ᠵᠢ ᠦᠷᠭᠡᠳᠭᠡᠨ ᠂ ᠠᠷᠠᠳ ᠤᠯᠠᠨ ᠤ ᠬᠤᠤᠷ ᠢ ᠲᠠᠨᠢᠬᠤ ᠂ ᠬᠤᠤᠷ ᠢ ᠲᠡᠪᠴᠢᠬᠥ᠂ ᠬᠤᠤᠷ ᠢ ᠰᠡᠷᠭᠡᠢᠯᠡᠬᠥ ᠤᠬᠠᠮᠰᠠᠷ ᠪᠤᠯᠤᠨ ᠬᠤᠤᠷ ᠴᠠᠭᠠᠵᠠᠯᠠᠬᠤ ᠠᠵᠢᠯ ᠳ᠋ᠤ ᠤᠷᠤᠯᠴᠠᠬᠤ ᠢᠳᠡᠪᠬᠢᠵᠢᠯ ᠢ ᠤᠯᠠᠮ ᠨᠢᠭᠡ ᠠᠯᠬᠤᠮ ᠲᠡᠭᠡᠭᠰᠢᠯᠡᠬᠥᠯᠬᠥ ᠪᠤᠯ ᠲᠡᠬᠥᠨ ᠦ ᠵᠤᠷᠢᠯᠭ᠎ᠠ ᠪᠤᠯᠤᠨ᠎ᠠ ᠃
   ᠢᠷᠡᠯᠳᠡ᠄ ᠠᠷᠠᠳ ᠤᠨ ᠰᠦᠯᠵᠢᠶ᠎ᠡ

 

呼伦贝尔禁毒电影《父亲的目光》获国际微电影展优秀奖

在中国金鸡百花电影节第二届国际微电影展映盛典仪式上,由呼伦贝尔市禁毒办筹划、制作、出品的禁毒题材微电影作品《父亲的目光》,从全国及国际4300余部微电影参赛作品中脱颖而出,荣获优秀作品奖,再次载誉而归。这也是内蒙古自治区公安系统首次获此殊荣。
 获奖禁毒微电影《父亲的目光》是以呼伦贝尔草原牧区生活为背景,以毒品对家庭的危害为切入点,刻画了毒品的危害性与禁毒工作的紧迫性。旨在通过群众喜闻乐见的艺术形式,拓展禁毒宣传教育的参与面和受众面,进一步提高人民群众识毒、拒毒、防毒意识和参与禁毒工作的热情。
       来源:人民网

 
Posted in ᠰᠤᠶᠤᠯ ᠤᠷᠠᠯᠢᠭ |文化信息 and tagged .