ᠤᠯᠤᠰ ᠤᠨ ᠠᠯᠪᠠᠲᠠᠨ ᠠᠵᠢᠯ ᠵᠢᠡᠨ ᠬᠠᠶᠠᠪᠠᠯ ᠨᠠᠰᠤᠵᠢᠯ ᠤᠨ ·公务员辞职 养老关系将回户籍地

ᠤᠯᠤᠰ ᠤᠨ ᠠᠯᠪᠠᠲᠠᠨ ᠠᠵᠢᠯ ᠵᠢᠡᠨ ᠬᠠᠶᠠᠪᠠᠯ ᠨᠠᠰᠤᠵᠢᠯ ᠤᠨ ᠠᠰᠠᠷᠠᠮᠵᠢ ᠵᠢᠨ ᠬᠠᠷᠢᠴᠠᠭ᠎ᠠ ᠵᠢ ᠨᠢ ᠡᠷᠦᠭᠡ ᠠᠮᠠ ᠵᠢᠨ ᠲᠠᠩᠰᠠ ᠪᠠᠢᠭ᠎ᠠ ᠭᠠᠵᠠᠷ ᠲᠤᠨᠢ ᠪᠤᠴᠠᠭᠠᠨ᠎ᠠ

ᠠᠯᠪᠠᠲᠠᠨ ᠤ ᠠᠵᠢᠯ ᠵᠢᠡᠨ ᠬᠠᠶᠠᠵᠤ ᠠᠵᠤ ᠠᠬᠤᠢᠯᠠᠯ ᠳ᠋ᠤ ᠤᠴᠢᠵᠤ ᠠᠵᠢᠯᠯᠠᠭᠰᠠᠳ ᠡᠳᠤᠷ ᠢᠷᠡᠬᠦᠶ᠎ᠡ ᠤᠯᠠᠰᠢᠷᠠᠬᠤ ᠵᠢ ᠲᠠᠭᠠᠯᠳᠤᠨ ᠂ ᠲᠡᠳᠡᠨ ᠦ ᠨᠠᠰᠤᠵᠢᠯ ᠤᠨ ᠠᠰᠠᠷᠠᠮᠵᠢ ᠵᠢᠨ ᠬᠠᠷᠢᠴᠠᠭ᠎ᠠ ᠵᠢ ᠬᠡᠷᠬᠢᠨ ᠰᠢᠯᠵᠢᠬᠦᠯᠬᠦ᠂ ᠠᠵᠢᠯ  ᠡᠴᠡ  ᠪᠡᠨ ᠠᠮᠠᠷᠠᠭᠰᠠᠨ ᠤ ᠲᠠᠷᠠᠭᠠᠬᠢ ᠬᠦᠯᠦᠰᠦ ᠬᠠᠷᠠᠮᠵᠢ ᠵᠢ ᠨᠢ ᠬᠡᠷᠬᠢᠨ ᠪᠤᠳᠤᠬᠤ ᠶᠠᠪᠤᠳᠠᠯ ᠤᠯᠤᠰ ᠤᠨ ᠠᠯᠪᠠᠳᠠᠳ ᠤᠨ ᠤᠯᠠᠮ  ᠡᠴᠡ ᠤᠯᠠᠮ ᠠᠩᠬᠠᠷᠤᠯ ᠲᠠᠯᠪᠢᠳᠠᠭ ᠠᠰᠠᠭᠤᠳᠠᠯ ᠪᠤᠯᠵᠠᠢ᠃ ᠦᠴᠦᠭᠡᠳᠤᠷ ᠂ ᠬᠦᠮᠦᠨ ᠦ ᠬᠦᠴᠦᠨ ᠦ ᠡᠬᠢ ᠪᠠᠶᠠᠯᠢᠭ ᠪᠠ ᠨᠡᠢᠭᠡᠮ ᠦᠨ ᠪᠠᠲᠤᠯᠠᠭ᠎ᠠ ᠵᠢᠨ ᠶᠠᠮᠤᠨ ᠮᠡᠳᠡᠭᠳᠡᠯ ᠪᠠᠭᠤᠯᠭᠠᠵᠤ ᠂ ᠠᠯᠪᠠᠨ ᠪᠠᠢᠭᠤᠯᠤᠯᠭ᠎ᠠ ᠠᠵᠢᠯ ᠦᠢᠯᠡᠰ ᠦᠨ ᠨᠢᠭᠡᠴᠡ ᠵᠢᠨ ᠠᠵᠢᠯᠲᠠᠨ ᠠᠵᠢᠯ ᠵᠢᠡᠨ ᠬᠠᠶᠠᠬᠤ ᠳ᠋ᠤ ᠬᠦᠷᠪᠡᠯ ᠨᠠᠰᠤᠵᠢᠯ ᠤᠨ ᠠᠰᠠᠷᠠᠮᠵᠢ ᠵᠢᠨ ᠬᠠᠷᠢᠴᠠᠭ᠎ᠠ ᠵᠢ ᠨᠢ ᠡᠷᠦᠭᠡ ᠠᠮᠠ ᠵᠢᠨ ᠲᠠᠩᠰᠠ ᠪᠠᠢᠭ᠎ᠠ ᠭᠠᠵᠠᠷ ᠲᠤᠨᠢ ᠰᠢᠯᠵᠢᠬᠦᠯᠦᠨ᠎ᠡ ᠭᠡᠵᠤ ᠲᠤᠳᠤᠷᠬᠠᠢ ᠲᠤᠭᠲᠠᠭᠠᠭᠰᠠᠨ ᠪᠠᠢᠨ᠎ᠠ ᠃

ᠬᠦᠮᠦᠨ ᠦ ᠬᠦᠴᠦᠨ ᠦ ᠡᠬᠢ ᠪᠠᠶᠠᠯᠢᠭ ᠪᠠ ᠨᠡᠢᠭᠡᠮ ᠦᠨ ᠪᠠᠲᠤᠯᠠᠭ᠎ᠠ ᠵᠢᠨ ᠶᠠᠮᠤᠨ ᠤ ᠰᠢᠨᠡᠭᠡᠨ ᠨᠡᠢᠲᠡᠯᠡᠭᠰᠡᠨ ᠪᠢᠴᠢᠭ᠌ ᠮᠠᠲ᠋ᠧᠷᠢᠶᠠᠯ ᠳᠤ ᠲᠤᠭᠲᠠᠭᠠᠭᠰᠠᠨ ᠨᠢ ᠄ ᠠᠯᠪᠠᠨ ᠪᠠᠢᠭᠤᠯᠤᠯᠭ᠎ᠠ ᠠᠵᠢᠯ ᠦᠢᠯᠡᠰ ᠦᠨ ᠨᠢᠭᠡᠴᠡ ᠵᠢᠨ ᠲᠠᠭᠠᠳᠬᠠᠯ ᠳ᠋ᠤ ᠤᠷᠤᠭᠴᠢ  ᠨᠢ ᠠᠳᠠᠯᠢ ᠨᠢᠭᠡᠨ ᠨᠢᠭᠡᠲᠦᠯᠲᠠᠢ ᠲᠦᠯᠦᠪᠯᠡᠬᠦ ᠬᠡᠪᠴᠢᠶᠡᠨ ᠳ᠋ᠡᠬᠢ ᠠᠯᠪᠠᠨ ᠪᠠᠢᠭᠤᠯᠤᠯᠭ᠎ᠠ ᠠᠵᠢᠯ ᠦᠢᠯᠡᠰ ᠦᠨ ᠨᠢᠭᠡᠴᠡ ᠵᠢᠨ ᠬᠤᠭᠤᠷᠤᠨᠳᠤ ᠰᠢᠯᠵᠢᠬᠦ ᠳ᠋ᠤ ᠬᠦᠷᠪᠡᠯ ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠰᠢᠯᠵᠢᠬᠦᠯᠬᠦ ᠡᠴᠡ ᠪᠢᠰᠢ ᠰᠠᠭᠤᠷᠢ ᠮᠦᠩᠬᠦᠵᠢ ᠰᠢᠯᠵᠢᠬᠦᠯᠬᠦ ᠦᠭᠡᠢ ︔ ᠠᠯᠪᠠᠨ ᠪᠠᠢᠭᠤᠯᠤᠯᠭ᠎ᠠ ᠠᠵᠢᠯ ᠦᠢᠯᠡᠰ ᠦᠨ ᠨᠢᠭᠡᠴᠡ ᠵᠢᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠲᠦᠷᠢᠮ ᠦᠨ ᠲᠤᠳᠤᠷ᠎ᠠ ᠨᠢᠭᠡᠲᠦᠯᠲᠠᠢ ᠲᠦᠯᠦᠪᠯᠡᠬᠦ ᠬᠡᠪᠴᠢᠶ᠎ᠡ ᠠᠯᠤᠰᠯᠠᠨ ᠰᠢᠯᠵᠢᠭᠦ ᠳ᠋ᠤ ᠬᠦᠷᠪᠡᠯ ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠰᠢᠯᠵᠢᠬᠦᠯᠬᠦ ᠵᠢᠨ ᠬᠠᠮᠳᠤ ᠰᠠᠭᠤᠷᠢ ᠮᠦᠩᠬᠦ ᠵᠢ ᠨᠢ ᠪᠠᠰᠠ ᠰᠢᠯᠵᠢᠬᠦᠯᠦᠨ᠎ᠡ ᠃  

ᠬᠡᠷᠪᠡ ᠲᠠᠭᠠᠳᠬᠠᠯ ᠳ᠋ᠤ ᠤᠷᠤᠭᠴᠢ ᠨᠢ ᠠᠯᠪᠠᠨ ᠪᠠᠢᠭᠤᠯᠤᠯᠭ᠎ᠠ ᠠᠵᠢᠯ ᠦᠢᠯᠡᠰ ᠦᠨ ᠨᠢᠭᠡᠴᠡ  ᠡᠴᠡ ᠠᠵᠤ ᠠᠬᠤᠢᠯᠠᠯ ᠳ᠋ᠤ ᠰᠢᠯᠵᠢᠭᠦ ᠳ᠋ᠤ ᠬᠦᠷᠪᠡᠯ ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ  ᠨᠢ ᠰᠢᠯᠵᠢᠬᠦᠯᠬᠦ ᠵᠢᠨ ᠬᠠᠮᠳᠤ ᠰᠠᠭᠤᠷᠢ ᠮᠦᠩᠬᠦ ᠵᠢ ᠨᠢ ᠪᠠᠰᠠ ᠰᠢᠯᠵᠢᠬᠦᠯᠦᠨ᠎ᠡ ᠃ ᠡᠬᠦᠨ ᠳ᠋ᠤ ᠲᠠᠭᠠᠳᠬᠠᠯ ᠳ᠋ᠤ ᠤᠷᠤᠭᠴᠢ ᠨᠢ ᠵᠤᠬᠢᠶᠠᠨ ᠪᠠᠢᠭᠤᠯᠤᠯᠲᠠ ᠵᠢᠨ ᠵᠦᠪᠰᠢᠶᠡᠷᠡᠯ ᠵᠢᠡᠷ ᠠᠯᠪᠠᠨ ᠪᠠᠢᠭᠤᠯᠤᠯᠭ᠎ᠠ ᠠᠵᠢᠯ ᠦᠢᠯᠡᠰ ᠦᠨ ᠨᠢᠭᠡᠴᠡ  ᠡᠴᠡ ᠠᠵᠤ ᠠᠬᠤᠢᠯᠠᠯ ᠳ᠋ᠤ ᠰᠢᠯᠵᠢᠭᠦ ᠳ᠋ᠤ ᠬᠦᠷᠪᠡᠯ ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠰᠢᠯᠵᠢᠵᠤ ᠤᠴᠢᠭᠰᠠᠨ ᠠᠵᠤ ᠠᠬᠤᠢᠯᠠᠯ ᠤᠨ ᠲᠠᠭᠠᠳᠬᠠᠯ ᠳ᠋ᠤ ᠤᠷᠤᠭᠰᠠᠨ ᠭᠠᠵᠠᠷ ᠲᠤ ᠰᠢᠯᠵᠢᠬᠦᠯᠦᠨ᠎ᠡ ︔ ᠲᠠᠭᠠᠳᠬᠠᠯ ᠳ᠋ᠤ ᠤᠷᠤᠭᠴᠢ ᠨᠢ ᠠᠵᠢᠯ ᠵᠢᠡᠨ ᠬᠠᠶᠠᠬᠤ ᠂ ᠠᠵᠢᠯ ᠠᠴᠠ ᠨᠢ ᠵᠤᠭᠰᠤᠭᠠᠬᠤ ᠵᠡᠷᠭᠡ ᠰᠢᠯᠲᠠᠭᠠᠨ ᠡᠴᠠ ᠪᠤᠯᠵᠤ ᠠᠯᠪᠠᠨ ᠪᠠᠢᠭᠤᠯᠤᠯᠭ᠎ᠠ ᠠᠵᠢᠯ ᠦᠢᠯᠡᠰ ᠦᠨ ᠨᠢᠭᠡᠴᠡ ᠡᠴᠡ ᠰᠠᠯᠬᠤ ᠳ᠋ᠤ ᠬᠦᠷᠪᠡᠯ ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠡᠷᠦᠭᠡ ᠠᠮᠠ ᠵᠢᠨ ᠲᠠᠩᠰᠠ ᠪᠠᠢᠭ᠎ᠠ ᠭᠠᠵᠠᠷ ᠲᠤᠨᠢ ᠰᠢᠯᠵᠢᠬᠦᠯᠦᠨ᠎ᠡ ᠃

ᠬᠤᠢᠰᠢᠲᠠ ᠠᠯᠪᠠᠨ ᠪᠠᠢᠭᠤᠯᠤᠯᠭ᠎ᠠ ᠠᠵᠢᠯ ᠦᠢᠯᠡᠰ ᠦᠨ ᠨᠢᠭᠡᠴᠡ ᠵᠢᠨ ᠠᠵᠢᠯᠲᠠᠨ ᠡᠷᠦᠭᠡ ᠠᠮᠠ ᠵᠢᠨ ᠲᠠᠩᠰᠠ ᠪᠠᠢᠭ᠎ᠠ ᠭᠠᠵᠠᠷ ᠠᠴᠠ ᠢᠶᠠᠨ ᠪᠤᠰᠤᠳ ᠭᠠᠵᠠᠷ ᠲᠤ ᠠᠵᠢᠯ ᠤᠯᠵᠤ ᠲᠠᠭᠠᠳᠬᠠᠯ ᠳ᠋ᠤ ᠤᠷᠤᠭᠰᠠᠨ ᠪᠠᠢᠪᠠᠯ ᠂ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ ᠨᠢ ᠠᠵᠤ ᠠᠬᠤᠢᠯᠠᠯ ᠤᠨ ᠠᠵᠢᠯᠲᠠᠨ ᠠᠵᠢᠯᠴᠢᠨ ᠤ ᠬᠠᠮᠢᠶ᠎ᠠ ᠪᠦᠬᠦᠢ ᠲᠤᠭᠲᠠᠭᠠᠯ ᠵᠢᠡᠷ ᠰᠢᠯᠵᠢᠬᠦᠯᠦᠨ᠎ᠡ ︔ᠲᠡᠭᠡᠳᠤ ᠰᠤᠷᠭᠠᠭᠤᠯᠢ ᠂ ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶᠡᠯᠡᠩ ᠭᠠᠵᠠᠷ ᠵᠡᠷᠭᠡ ᠠᠵᠢᠯ ᠦᠢᠯᠡᠰ ᠦᠨ ᠨᠢᠭᠡᠴᠡ ᠵᠢᠨ ᠲᠤᠰᠬᠠᠢ ᠮᠡᠷᠭᠡᠵᠢᠯ ᠦᠨ ᠠᠵᠢᠯᠲᠠᠨ ᠤ ᠠᠵᠢᠯ ᠤᠨ ᠪᠠᠢᠷᠢ ᠠᠴᠠ ᠪᠠᠨ ᠰᠠᠯᠵᠤ ᠠᠳᠠᠯ ᠦᠢᠯᠡᠰ ᠴᠤᠭᠴᠠᠯᠠᠨ ᠠᠵᠢᠯᠲᠠᠨ ᠤ ᠶᠠᠪᠤᠳᠠᠯ ᠤᠨ ᠬᠠᠷᠢᠴᠠᠭ᠎ᠠ ᠪᠠᠨ ᠦᠯᠡᠳᠡᠭᠡᠵᠤ ᠪᠠᠢᠭ᠎ᠠ ᠬᠤᠭᠤᠴᠠᠭᠠᠨ ᠳ᠋ᠤ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠠᠷᠢᠴᠠᠭ᠎ᠠ ᠵᠢ  ᠨᠢ ᠲᠦᠷ ᠰᠢᠯᠵᠢᠬᠦᠯᠬᠦ ᠦᠭᠡᠢ ᠪᠠᠢᠵᠤ ᠪᠤᠯᠤᠨ᠎ᠠ ᠃ ᠲᠠᠭᠠᠳᠬᠠᠯ ᠳ᠋ᠤ ᠤᠷᠤᠭᠴᠢ ᠨᠢ ᠨᠢᠭᠡᠲᠦᠯᠲᠠᠢ ᠲᠦᠯᠦᠪᠯᠡᠬᠦ ᠬᠡᠪᠴᠢᠶ᠎ᠡ ᠠᠯᠤᠰᠯᠠᠨ ᠰᠢᠯᠵᠢᠬᠦ᠂ ᠡᠰᠡᠬᠦᠯ᠎ᠡ ᠠᠯᠪᠠᠨ ᠪᠠᠢᠭᠤᠯᠤᠯᠭ᠎ᠠ ᠠᠵᠢᠯ ᠦᠢᠯᠡᠰ ᠦᠨ ᠨᠢᠭᠡᠴᠡ ᠡᠴᠡ ᠠᠵᠤ ᠠᠬᠤᠢᠯᠠᠯ ᠳ᠋ᠤ ᠰᠢᠯᠵᠢᠬᠦ ᠳ᠋ᠤ ᠬᠦᠷᠪᠡᠯ ᠂ ᠬᠤᠪᠢ ᠬᠦᠮᠦᠨ ᠦ ᠰᠦᠢᠳᠭᠡᠯ ᠲᠤᠰᠢᠶᠠᠬᠤ ᠬᠡᠰᠡᠭ ᠢ ᠲᠤᠰ ᠬᠦᠮᠦᠨ ᠦ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠤᠪᠢ ᠬᠦᠮᠦᠨ ᠦ ᠲᠠᠩᠰᠠᠨ ᠡᠷᠦᠭᠡ ᠳ᠋ᠤ ᠪᠤᠳᠤᠵᠤ ᠤᠷᠤᠭᠤᠯᠤᠭᠰᠠᠨ ᠪᠦᠬᠦ ᠬᠠᠳᠠᠭᠠᠯᠠᠮᠵᠢ ᠵᠢᠨ ᠲᠤᠭ᠎ᠠ ᠪᠠᠷ ᠪᠤᠳᠤᠵᠤ ᠰᠢᠯᠵᠢᠬᠦᠯᠦᠨ᠎ᠡ ︔ ᠨᠢᠭᠡᠴᠡ ᠵᠢᠨ ᠰᠦᠢᠳᠭᠡᠯ ᠲᠤᠰᠢᠶᠠᠬᠤ ᠬᠡᠰᠡᠭ ᠢ ᠦᠭᠡᠷᠡᠴᠢᠯᠡᠯᠲᠡ ᠬᠢᠭᠰᠡᠨ ᠡᠴᠡ ᠰᠡᠬᠦᠯᠡᠷᠬᠢ ᠲᠤᠰ ᠬᠦᠮᠦᠨ ᠦ ᠡᠯ᠎ᠡ ᠵᠢᠯ ᠤᠨ ᠪᠤᠲᠠᠲᠠᠢ ᠰᠦᠢᠳᠭᠡᠯ ᠲᠤᠰᠢᠶᠠᠭᠰᠠᠨ ᠴᠠᠯᠢᠩ ᠵᠢᠡᠷ ᠰᠠᠭᠤᠷᠢ ᠲᠤᠭ᠎ᠠ ᠪᠤᠯᠭᠠᠨ ᠂ 12% ᠤᠨ ᠨᠡᠢᠯᠡᠪᠤᠷᠢ ᠪᠡᠷ ᠰᠢᠯᠵᠢᠬᠦᠯᠦᠨ᠎ᠡ ᠂ ᠲᠠᠭᠠᠳᠬᠠᠯ ᠳ᠋ᠤ ᠤᠷᠤᠵᠤ ᠰᠦᠢᠳᠭᠡᠯ ᠲᠤᠰᠢᠶᠠᠭᠠᠳ ᠨᠢᠭᠡ ᠵᠢᠯ ᠪᠤᠯᠤᠭᠠᠳᠤᠢ ᠪᠠᠢᠪᠠᠯ ᠂ ᠪᠤᠲᠠᠲᠠᠢ ᠰᠦᠢᠳᠭᠡᠯ ᠲᠤᠰᠢᠶᠠᠭᠰᠠᠨ ᠰᠠᠷ᠎ᠠ ᠵᠢᠨ ᠲᠤᠭ᠎ᠠ ᠪᠠᠷ ᠪᠤᠳᠤᠵᠤ ᠰᠢᠯᠵᠢᠬᠦᠯᠦᠨ᠎ᠡ ᠃

ᠲᠠᠭᠠᠳᠬᠠᠯ ᠳ᠋ᠤ ᠤᠷᠤᠭᠴᠢ ᠨᠢ ᠠᠯᠪᠠᠨ ᠪᠠᠢᠭᠤᠯᠤᠯᠭ᠎ᠠ ᠠᠵᠢᠯ ᠦᠢᠯᠡᠰ ᠦᠨ ᠨᠢᠭᠡᠴᠡ ᠵᠢᠨ ᠬᠤᠭᠤᠷᠤᠨᠳᠤ ᠨᠢᠭᠡᠲᠦᠯᠲᠠᠢ ᠲᠦᠯᠦᠪᠯᠡᠬᠦ ᠬᠡᠪᠴᠢᠶ᠎ᠡ ᠠᠯᠤᠰᠯᠠᠨ ᠰᠢᠯᠵᠢᠭᠦ ᠳ᠋ᠤ ᠬᠦᠷᠪᠡᠯ ᠂ ᠠᠵᠢᠯ ᠠᠴᠠ ᠢᠶᠠᠨ ᠠᠮᠠᠷᠠᠬᠤ ᠨᠠᠰᠤᠨ ᠳ᠋ᠤ ᠬᠦᠷᠬᠦ ᠳ᠋ᠤᠨᠢ ᠵᠢᠱᠢᠯᠲᠡ ᠰᠦᠢᠳᠭᠡᠯ ᠲᠤᠰᠢᠶᠠᠬᠤ ᠬᠦᠢᠴᠡᠳᠭᠡᠯ ᠲᠤᠭ᠎ᠠ ᠵᠢ ᠨᠢ ᠲᠤᠰ ᠬᠦᠮᠦᠨ ᠦ ᠠᠵᠢᠯ  ᠡᠴᠡ  ᠪᠡᠨ ᠠᠮᠠᠷᠠᠬᠤ ᠦᠶ᠎ᠡ ᠵᠢᠨ ᠵᠡᠷᠭᠡ ᠲᠤᠰᠢᠶᠠᠯ ᠤᠨ ᠲᠡᠰ (ᠮᠡᠷᠭᠡᠵᠢᠯ ᠦᠨ ᠴᠤᠯᠠ )᠂ ᠬᠠᠷᠠᠭᠠᠯᠵᠠᠭᠰᠠᠨ ᠬᠦᠯᠦᠰᠦ ᠬᠠᠷᠠᠮᠵᠢ ᠬᠦᠷᠳᠡᠬᠦ ᠭᠠᠵᠠᠷ ᠤᠨ ᠬᠢᠨᠢ ᠵᠢᠱᠢᠯᠲᠡ ᠰᠦᠢᠳᠭᠡᠯ ᠲᠤᠰᠢᠶᠠᠬᠤ ᠬᠦᠢᠴᠡᠳᠭᠡᠯ ᠲᠤᠭᠠᠨ ᠤ ᠪᠠᠷᠢᠮᠵᠢᠶ᠎ᠠ ᠵᠢ ᠦᠨᠳᠦᠰᠦᠯᠡᠨ ᠲᠤᠭᠲᠠᠭᠠᠨ᠎ᠠ ᠃ ᠲᠠᠭᠠᠳᠬᠠᠯ ᠳ᠋ᠤ ᠤᠷᠤᠭᠴᠢ ᠨᠢ ᠠᠯᠪᠠᠨ ᠪᠠᠢᠭᠤᠯᠤᠯᠭ᠎ᠠ ᠠᠵᠢᠯ ᠦᠢᠯᠡᠰ ᠦᠨ ᠨᠢᠭᠡᠴᠡ ᠡᠴᠡ ᠠᠵᠤ ᠠᠬᠤᠢᠯᠠᠯ ᠳ᠋ᠤ ᠰᠢᠯᠵᠢᠵᠤ ᠲᠠᠭᠠᠳᠬᠠᠯ ᠳ᠋ᠤ ᠤᠷᠤᠬᠤ ᠳ᠋ᠤ ᠬᠦᠷᠪᠡᠯ ᠂ ᠲᠡᠬᠦᠨ ᠦ ᠵᠢᠱᠢᠯᠲᠡ ᠰᠦᠢᠳᠭᠡᠯ ᠲᠤᠰᠢᠶᠠᠬᠤ ᠬᠦᠢᠴᠡᠳᠭᠡᠯ ᠲᠤᠭ᠎ᠠ ᠵᠢ ᠠᠵᠤ ᠠᠬᠤᠢᠯᠠᠯ ᠤᠨ ᠠᠵᠢᠯᠳᠠᠨ ᠠᠵᠢᠯᠴᠢᠨ ᠤ ᠦᠨᠳᠦᠰᠦᠨ ᠨᠠᠰᠤᠵᠢᠯ ᠤᠨ ᠠᠰᠠᠷᠠᠮᠵᠢ ᠵᠢᠨ ᠲᠠᠭᠠᠳᠬᠠᠯ ᠤᠨ ᠬᠤᠯᠪᠤᠭᠳᠠᠯ ᠪᠦᠬᠦᠢ ᠲᠦᠷᠦ ᠵᠢᠨ ᠪᠤᠳᠤᠯᠭ᠎ᠠ ᠵᠢ ᠦᠨᠳᠦᠰᠦᠯᠡᠨ ᠲᠤᠭᠲᠠᠭᠠᠨ᠎ᠠ ᠃ 

ᠢᠷᠡᠯᠲᠡ᠄ ᠠᠷᠠᠳ ᠤᠨ ᠰᠦᠯᠵᠢᠶ᠎ᠡ

公务员辞职 养老关系将回户籍地

随着公务员辞职进入企业工作者日益增多,其养老关系如何转移、退休后的待遇如何计算,成为公务员群体越来越关注的问题。昨日,人力社保部发布通知,明确机关事业单位人员辞职离开,其养老保险关系将被转移到户籍所在地。

人社部最新出台的文件规定:机关事业单位参保人员在同一统筹范围内的机关事业单位之间流动的,只转移基本养老保险关系,不转移基金;在机关事业单位养老保险制度内跨统筹范围流动的,在转移基本养老保险关系的同时,转移基金。

而参保人员从机关事业单位流动到企业的,在转移基本养老保险关系的同时,转移基金。其中,参保人员经组织批准从机关事业单位调动到企业的,基本养老保险关系转移至调入企业参保地;参保人员因辞职、辞退等原因离开机关事业单位的,基本养老保险关系转移至户籍所在地。

以后机关事业单位人员在户籍所在地以外就业参保的,基本养老保险关系转移接续按照企业职工的相关规定执行;高校、科研院所等事业单位专业技术人员,离岗创业保留人事关系期间,可暂不转移基本养老保险关系。

参保人员跨统筹范围流动,或从机关事业单位流动到企业的,个人缴费部分按计入本人基本养老保险个人账户的全部储存额计算转移;单位缴费部分以本人改革后各年度实际缴费工资为基数,按12%的总和转移,参保缴费不足1年的,按实际缴费月数计算转移。

参保人员在机关事业单位之间跨统筹范围流动的,待达到退休年龄时,视同缴费指数根据本人退休时的职务职级(技术职称),所对应的待遇领取地的视同缴费指数标准确定。参保人员从机关事业单位流动到企业参保的,其视同缴费指数按企业职工基本养老保险有关政策确定。

来源:人民网

Posted in ᠲᠠᠨ ᠤ ᠠᠩᠬᠠᠷᠤᠯ ᠳ᠋ᠤ|热点信息 and tagged .