ᠬᠠᠷᠢᠶᠠᠯᠠᠬᠤ ᠶᠢᠨ ᠲᠠᠢᠨ ᠢᠯᠭᠠᠯ ᠬᠠᠮᠢᠭ᠎ᠠ ᠶᠠᠪᠤᠴᠢᠬᠠᠪᠠ 2蒙古语的所有格去哪里了2

 

ᠬᠠᠷᠢᠶᠠᠯᠠᠬᠤ ᠶᠢᠨ ᠲᠠᠢᠨ ᠢᠯᠭᠠᠯ ᠬᠠᠮᠢᠭ᠎ᠠ ᠶᠠᠪᠤᠴᠢᠬᠠᠪᠠ 2

ᠡᠳᠡᠭᠡᠷ ᠨᠢ ᠣᠳᠣᠬᠠᠨ ᠤ ᠮᠣᠩᠭᠣᠯ ᠦᠭᠡ ᠬᠡᠯᠡ ᠦᠰᠦᠭ ᠪᠢᠴᠢᠭ᠌  ᠦᠨ ᠠᠰᠠᠭᠤᠳᠠᠯ ᠢ ᠣᠨᠣᠪᠴᠢᠲᠠᠢ ᠳᠤᠷᠠᠳᠤᠵᠤ ᠴᠢᠳᠠᠭᠰᠠᠨ ᠲᠤᠯᠠ ᠪᠦᠬᠦ ᠮᠣᠩᠭᠣᠯᠴᠣᠳ ᠮᠠᠨᠢ ᠠᠩᠬᠠᠷᠤᠨ ᠤᠩᠰᠢᠵᠤ ᠰᠤᠲᠤᠯᠬᠤ ᠬᠡᠷᠡᠭᠲᠡᠢ ᠪᠢᠵᠡ ᠳ᠋ᠠ᠃ ᠬᠠᠷᠢᠨ ᠪᠢ ᠴᠠᠭᠠᠰᠢᠳᠠ ᠥᠭᠡᠷ᠎ᠡ ᠨᠢᠭᠡᠨ ᠪᠤᠳᠠᠲᠠᠢ ᠠᠰᠠᠭᠤᠳᠠᠯ ᠢ ᠶᠠᠷᠢᠮᠠᠷ ᠪᠠᠢᠨ᠎ᠠ ᠃ ᠡᠨᠡ ᠨᠢ ᠲᠠᠷᠤᠢ ᠮᠢᠨᠥ ᠲᠡᠭᠡᠷ᠎ᠡ ᠲᠤᠷᠠᠳᠤᠭᠰᠠᠨ ᠮᠣᠩᠭᠣᠯ ᠬᠡᠯᠡ ᠬᠡᠯᠡᠯᠭᠡ ᠵᠢᠨ《ᠬᠤᠪᠢᠷᠠᠯᠲᠠ》᠂ ᠢᠯᠠᠩᠭᠤᠶ᠎ᠠ ᠬᠠᠷᠢᠶᠠᠯᠠᠬᠤ ᠶᠢᠨ ᠲᠠᠢᠨ ᠢᠯᠭᠠᠯ ᠭᠡᠭᠡᠭᠳᠡᠵᠦ ᠪᠠᠢᠭ᠎ᠠ ᠠᠰᠠᠭᠤᠳᠠᠯ ᠪᠣᠯᠣᠨ᠎ᠠ᠃ ᠲᠠᠷᠠᠭᠠᠬᠢ ᠵᠢᠱᠢᠶ᠎ᠠ ᠦᠭᠡ ᠪᠣᠯ ᠪᠣᠳᠠᠲᠤ ᠠᠮᠢᠳᠤᠷᠠᠯ ᠪᠣᠯᠣᠨ ᠮᠢᠨᠥ ᠣᠩᠰᠢᠭᠰᠠᠨ ᠤᠷᠠᠨ ᠵᠤᠬᠢᠶᠠᠯ  ᠤᠨ ᠪᠦᠳᠦᠭᠡᠯ ᠡᠴᠡ ᠲᠡᠭᠦᠭᠰᠡᠨ ᠦᠭᠡ ᠬᠡᠯᠡᠯᠭᠡ ᠨᠤᠭᠦᠳ ᠪᠢᠯᠡ᠃ ᠡᠳᠡᠭᠡᠷ ᠦᠭᠡᠰ ᠨᠢ ᠠᠮᠢᠳᠤᠷᠠᠯ ᠳ᠋ᠥ ᠨᠢᠭᠡᠨᠲᠡ ᠬᠡᠪᠰᠢᠭᠰᠡᠨ ᠪᠠᠢᠳᠠᠯ  ᠲᠠᠢ ᠪᠠᠢᠭ᠎ᠠ ᠪᠣᠯᠬᠣᠷ ᠵᠠᠷᠢᠮ ᠬᠦᠮᠦᠰ ᠶᠠᠭᠤ  ᠨᠢ ᠪᠤᠷᠤᠭᠤᠳᠠᠭᠰᠠᠨ ᠢ ᠰᠡᠷᠡᠵᠦ ᠮᠡᠳᠡᠬᠦ ᠦᠭᠡᠢ ᠲᠤᠬᠢᠶᠠᠯᠳᠤᠯ ᠪᠠᠢᠭ᠎ᠠ᠃ ᠲᠣᠳᠣᠷᠬᠠᠢ ᠬᠡᠯᠡᠬᠦ ᠳ᠋ᠥ᠂ ᠮᠠᠨ ᠤ ᠮᠣᠩᠭᠣᠯᠴᠣᠳ ᠬᠠᠷᠢᠶᠠᠯᠠᠬᠤ ᠶᠢᠨ ᠲᠠᠢᠨ ᠢᠯᠭᠠᠯ᠂ ᠢᠯᠡᠩᠭᠤᠶ᠎ᠠ《ᠪ》ᠪᠡᠨ ᠠᠯᠢ ᠡᠷᠲᠡ ᠭᠡᠭᠡᠴᠢᠬᠡᠭᠰᠡᠨ ᠶᠠᠪᠤᠵᠤ ᠪᠠᠢᠭ᠎ᠠ ᠰᠢᠤ᠃ ᠲᠡᠭᠡᠪᠡᠯ ᠬᠠᠷᠢᠶᠠᠯᠠᠬᠤ ᠶᠢᠨ ᠲᠡᠢᠨ ᠢᠯᠭᠠᠯ ᠮᠢᠨᠢ ᠬᠠᠮᠢᠭ᠎ᠠ ᠶᠠᠪᠤᠴᠢᠬᠠᠪᠠ ︖ ᠲᠠᠷᠠᠭᠠᠬᠢ ᠵᠢᠱᠢᠶ᠎ᠠ ᠨᠤᠭᠦᠳ ᠪᠣᠯ ᠵᠥᠪᠬᠡᠨ ᠨᠢᠭᠡ ᠬᠡᠰᠡᠭ ᠯᠠ ᠲᠡᠲᠦᠢ ᠪᠣᠯᠪᠠᠴᠤ ᠂ ᠣᠳᠣᠬᠠᠨ ᠳ᠋ᠥ ᠬᠡᠷᠡᠭᠯᠡᠭᠳᠡᠵᠦ ᠪᠠᠢᠭ᠎ᠠ ᠬᠠᠷᠢᠶᠠᠯᠠᠬᠤ ᠶᠢᠨ ᠲᠠᠢᠯ ᠢᠯᠭᠠᠯ ᠤᠨ ᠠᠰᠠᠭᠤᠳᠠᠯ ᠢ ᠪᠦᠷᠢᠨ ᠬᠠᠷᠠᠭᠤᠯᠵᠤ ᠪᠠᠢᠭ᠎ᠠ ᠶᠤᠮ ᠃
    ᠁᠁
  ᠶᠠᠷᠦ ᠨᠢ ᠮᠢᠨᠥ ᠪᠤᠳᠤᠬᠤ ᠪᠠᠷ ᠡᠨᠡᠬᠦ ᠦᠵᠡᠭᠳᠡᠯ ᠢ ᠬᠡᠯᠡᠨ ᠦ ᠬᠤᠪᠢᠷᠠᠯᠲᠠ ᠶᠢᠨ ᠶᠠᠪᠤᠴᠠ ᠭᠡᠵᠦ ᠦᠵᠡᠬᠦ ᠶᠣᠰᠣᠲᠠᠢ ᠤᠤ ᠦᠭᠡᠢ ᠤᠤ ᠭᠡᠳᠡᠭ ᠲᠠᠯ᠎ᠠ ᠪᠠᠷ ᠬᠡᠯᠡ ᠰᠢᠨᠵᠢᠯᠡᠯ ᠦᠨ ᠡᠷᠳᠡᠮᠳᠡᠳ ᠶᠠᠷᠢᠯᠴᠠᠨ ᠰᠤᠳᠤᠯᠬᠤ ᠱᠠᠭᠠᠷᠳᠠᠯᠭ᠎ᠠ ᠲᠠᠢ ᠪᠠᠢᠨ᠎ᠠ᠃ ᠲᠤᠰ ᠱᠦᠭᠦᠷᠬᠡᠢ ᠦᠭᠦᠯᠡᠯ ᠦᠨ ᠮᠢᠨᠢ ᠵᠣᠷᠢᠯᠭ᠎ᠠ ᠶᠠᠭ ᠡᠭᠦᠨ ᠳ᠋ᠥ ᠤᠷᠤᠰᠢᠨ᠎ᠠ᠃ ᠥᠭᠡᠷ᠎ᠡ ᠪᠡᠷ ᠬᠡᠯᠡᠪᠡᠯ ᠂ ᠥᠨᠥᠳᠥᠷ ᠦᠨ ᠮᠣᠩᠭᠣᠯ ᠬᠡᠯᠡᠨ ᠪ ᠲᠣᠷᠣᠢᠲᠠᠯ᠂ ᠰᠠᠮᠠᠭᠤᠷᠠᠯ ᠲᠠᠢ ᠬᠣᠯᠪᠣᠭᠳᠠᠭᠤᠯᠤᠨ ᠰᠤᠳᠤᠯᠤᠭᠤᠰᠢᠲᠠᠢ ᠠᠰᠠᠭᠤᠳᠠᠯ ᠭᠡᠵᠦ ᠦᠵᠡᠵᠦ ᠪᠠᠢᠨ᠎ᠠ᠃ ᠮᠢᠨᠥ ᠬᠤᠪᠢ ᠳ᠋ᠤ ᠬᠠᠷᠢᠶᠠᠯᠠᠬᠤ ᠶᠢᠨ ᠲᠠᠢᠨ ᠢᠯᠭᠠᠯ ᠭᠡᠭᠡᠭᠳᠡᠬᠦ ᠦᠵᠡᠭᠳᠡᠯ ᠨᠢ ᠬᠡᠯᠡᠨ ᠦ ᠠᠶᠠᠨᠳᠠᠭᠠᠨ ᠡᠭᠦᠰᠴᠦ ᠪᠤᠢ ᠬᠤᠪᠢᠷᠠᠯᠲᠠ ᠪᠢᠰᠢ ᠂ ᠬᠠᠷᠢᠨ ᠶᠠᠭ ᠣᠳᠣ ᠶᠢᠨ ᠮᠣᠩᠭᠣᠯ ᠬᠡᠯᠠ ᠬᠣᠯᠢᠮᠠᠭᠵᠢᠵᠤ ᠪᠠᠢᠭ᠎ᠠ ᠲᠠᠢ ᠠᠳᠠᠯᠢ ᠪᠠᠷ ᠡᠬᠡ ᠬᠡᠯᠡᠨ ᠦ ᠠᠯᠳᠠᠭᠳᠠᠯ ᠲᠤᠷᠤᠢᠲᠠᠯ ᠤᠨ ᠢᠯᠡᠷᠡᠯ ᠭᠡᠵᠦ ᠪᠤᠳᠤᠵᠤ ᠪᠠᠢᠨ᠎ᠠ᠃ ᠤᠴᠢᠷ ᠨᠢ ᠡᠨᠡ ᠪᠣᠯ ᠠᠶᠠᠨᠳᠠᠭᠠᠨ ᠭᠠᠷᠤᠭᠰᠠᠨ ᠬᠤᠪᠢᠷᠠᠯᠲᠠ ᠪᠢᠰᠢ᠂ ᠬᠠᠷᠢᠨ ᠮᠣᠩᠭᠣᠯ ᠰᠡᠳᠭᠢᠴᠠ ᠠᠯᠳᠠᠭᠳᠠᠭᠰᠠᠨ ᠲᠠᠢ ᠰᠢᠭᠤᠳ ᠬᠠᠷᠢᠴᠠᠭ᠎ᠠ ᠲᠠᠢ ᠃ ᠬᠡᠷᠪᠡ ᠪᠢᠳᠠ ᠬᠣᠯᠢᠮᠠᠭ ᠮᠣᠩᠭᠣᠯ ᠬᠡᠯᠡ ᠪᠡᠨ ᠮᠣᠩᠭᠣᠯ ᠬᠡᠯᠡᠨ ᠦ ᠬᠤᠪᠢᠷᠠᠯᠲᠠ ᠶᠢᠨ ᠶᠠᠪᠤᠴᠠ ᠭᠡᠵᠦ ᠦᠵᠡᠬᠦ ᠶᠤᠮ ᠪᠣᠯ ᠮᠣᠩᠭᠣᠯ ᠬᠡᠯᠡ ᠰᠥᠨᠥᠨ᠎ᠡ ᠭᠡᠰᠡᠨ ᠦᠭᠡ ᠃ ᠶᠠᠪᠤᠭᠰᠠᠭᠠᠷ ᠪᠠᠢᠵᠦ ᠪᠢᠳᠠ ᠲᠠᠢᠨ ᠢᠯᠭᠠᠯ ᠢᠶᠠᠨ ᠠᠯᠳᠠᠬᠤ ᠶᠤᠮ ᠪᠣᠯ ᠮᠣᠩᠭᠣᠯ ᠬᠡᠯᠠ ᠪᠡᠨ ᠠᠯᠳᠠᠨ᠎ᠠ᠃ ᠣᠩᠭᠣᠯ ᠬᠡᠯᠡ ᠪᠣᠯ ᠵᠦᠪᠬᠡᠨ ᠬᠦᠮᠦᠰ ᠦᠨ ᠬᠠᠷᠢᠯᠴᠠᠭᠠᠨ ᠤ ᠪᠠᠭᠠᠵᠢ ᠲᠡᠳᠦᠢ ᠪᠢᠰᠢ ᠂ ᠮᠠᠨ ᠤ ᠮᠣᠩᠭᠣᠯᠴᠣᠳ ᠤᠨ ᠢᠷᠡᠭᠡᠲᠥᠢ ᠮᠥᠨ᠃ ᠪᠢᠳᠡ《ᠬᠤᠪᠢᠷᠠᠯᠲᠠ》 ᠶᠢᠨ ᠲᠤᠮᠳᠠ ᠢᠷᠡᠭᠡᠳᠦᠢ ᠪᠡᠨ ᠶᠠᠭᠠᠬᠢᠭᠰᠠᠨ ᠴᠤ ᠠᠯᠳᠠᠵᠤ ᠪᠣᠯᠬᠤ ᠦᠭᠡᠢ᠃
  ᠡᠳᠡᠭᠡᠷ ᠬᠡᠯᠡᠯᠭᠡ ᠨᠢ ᠤᠷᠠᠨ ᠵᠣᠬᠢᠶᠠᠯ ᠳ᠋ᠥ ᠣᠯᠠᠨ ᠬᠡᠷᠡᠭᠯᠡᠭᠳᠡᠭᠰᠡᠨ ᠡᠴᠡ ᠤᠭ ᠦᠭᠦᠯᠡᠯᠭᠡ ᠶᠢᠨ ᠬᠡᠯᠡᠨ ᠦ ᠤᠷᠠᠯᠢᠭ᠂ ᠮᠣᠩᠭᠣᠯ ᠰᠡᠳᠭᠢᠴᠠ ᠶᠡᠬᠡᠳᠡ ᠠᠯᠳᠠᠭᠳᠠᠵᠤ ᠪᠠᠢᠬᠤ ᠨᠢ ᠲᠡᠭᠡᠷᠡᠬᠢ ᠵᠢᠱᠢᠶ᠎ᠡ ᠨᠤᠭᠦᠳ ᠡᠴᠠ ᠲᠣᠲᠣᠬᠠᠨ ᠬᠠᠷᠠᠭᠳᠠᠵᠤ ᠪᠠᠢᠨ᠎ᠠ᠃ ᠪᠢᠳᠠ ᠡᠨᠡᠬᠦ ᠬᠠᠷᠢᠶᠠᠯᠠᠬᠤ ᠶᠢᠨ ᠲᠠᠢᠨ ᠢᠯᠭᠠᠯ ᠭᠡᠭᠡᠭᠳᠡᠬᠦ ᠦᠵᠡᠭᠳᠡᠯ ᠢ ᠬᠤᠪᠢᠷᠠᠯᠲᠠ ᠶᠢᠨ ᠶᠠᠪᠤᠴᠠ ᠪᠠᠷ ᠦᠵᠡᠭᠡᠳ ᠤᠯᠠᠮ ᠢᠯᠡᠭᠦᠦ ᠬᠤᠪᠢᠷᠠᠭᠤᠯᠤᠨ ᠬᠡᠷᠡᠭᠯᠡᠬᠦ ᠪᠤᠰᠤ ᠂ ᠬᠠᠷᠢᠨ ᠡᠬᠡ ᠬᠡᠯᠡᠨ ᠦ ᠠᠯᠳᠠᠭᠳᠠᠯ ᠮᠥᠨ ᠭᠡᠰᠡᠨ ᠡᠭᠦᠳᠡᠨ ᠡᠴᠡ ᠤᠯᠠᠮ ᠠᠩᠬᠠᠷᠤᠨ ᠦᠵᠡᠵᠦ᠂ ᠭᠡᠭᠡᠭᠳᠡᠭᠰᠡᠨ《 ᠪ 》 ᠪᠡᠨ ᠰᠡᠷᠭᠦᠭᠡᠬᠦ ᠂ ᠵᠥᠪ ᠬᠡᠷᠡᠭᠯᠡᠬᠦ ᠲᠠᠯ᠎ᠠ ᠪᠠᠷ ᠢᠯᠡᠭᠦᠬᠡᠨ ᠰᠤᠷᠲᠠᠯᠴᠢᠯᠠᠵᠤ ᠪᠤᠳᠠᠲᠠᠢ ᠠᠵᠢᠯᠯᠠᠪᠠᠯ ᠲᠠᠭᠠᠷᠠᠨ᠎ᠠ᠃ ᠡᠬᠡ ᠬᠡᠯᠡ ᠮᠢᠨᠢ ᠬᠤᠯᠢᠮᠠᠭᠵᠢᠭᠠᠳ ᠪᠠᠰᠠ ᠲᠡᠢᠨ ᠢᠯᠭᠠᠯ ᠵᠢᠡᠨ ᠭᠡᠭᠡᠴᠢᠬᠡᠬᠦ ᠶᠤᠮ ᠪᠣᠯ ᠶᠠᠮᠠᠷ ᠦᠷ᠎ᠡ ᠳ᠋ᠦᠩ ᠳ᠋ᠥ ᠬᠦᠷᠬᠦ ᠪᠣᠢ︖ ᠬᠡᠯᠡᠨ ᠦ ᠡᠷᠳᠡᠮᠳᠡᠳ ᠦᠨ ᠡᠭᠦᠷᠭᠡ ᠬᠠᠷᠢᠭᠤᠴᠠᠯᠭ᠎ᠠ ᠭᠡᠵᠦ ᠶᠠᠭᠤ ᠪᠤᠢ︖ ᠡᠷᠳᠡᠮ ᠰᠢᠨᠵᠢᠯᠡᠭᠡᠨ ᠦ ᠠᠮᠵᠢᠯᠲᠠ ᠭᠠᠷᠭᠠᠬᠤ ᠨᠢ ᠴᠢᠬᠤᠯᠠ ᠪᠣᠯᠪᠠᠴᠦ᠂ ᠡᠬᠡ ᠬᠡᠯᠡ ᠪᠡᠨ ᠬᠠᠮᠠᠭᠠᠯᠠᠠ᠂ ᠵᠥᠪ ᠴᠢᠭᠯᠡᠯ ᠵᠦᠭ ᠬᠦᠭᠵᠢᠭᠦᠯᠬᠦ ᠨᠢ ᠬᠠᠷᠢᠭᠤᠴᠠᠯᠭ᠎ᠠ ᠪᠢᠰᠢ ᠦᠦ︕︖
  ᠬᠡᠯᠠ ᠰᠣᠶᠣᠯ ᠤᠨ ᠡᠷᠳᠡᠮᠲᠡᠳ ᠮᠢᠨᠢ᠂ ᠤᠷᠠᠨ ᠵᠤᠬᠢᠶᠠᠯᠴᠢᠳ ᠮᠢᠨᠢ᠂ ᠠᠷᠠᠳ ᠲᠦᠮᠠᠨ ᠮᠢᠨᠢ ᠡ᠂《ᠬᠡᠯᠡᠯᠴᠡᠵᠦ ᠰᠠᠭᠤᠪᠠᠯ ᠰᠡᠳᠭᠢᠯ ᠦᠨ ᠴᠢᠮᠡᠭ᠂ ᠬᠢᠴᠢᠶᠡᠵᠦ ᠶᠠᠪᠤᠪᠠᠯ ᠪᠡᠶ᠎ᠡ ᠶᠢᠨ ᠴᠢᠮᠡᠭ》ᠭᠡᠳᠡᠭᠴᠢᠯᠡᠨ᠂ ᠡᠬᠡ ᠬᠡᠯᠡᠨ ᠦ ᠵᠢᠡᠨ ᠲᠠᠯ᠎ᠠ ᠪᠠᠷ ᠪᠦᠬᠦ ᠲᠠᠯ᠎ᠠ ᠡᠴᠠ ᠨᠢ ᠶᠠᠷᠢᠯᠴᠠᠴᠠᠭᠠᠶ᠎ᠠ︕
     2017ᠣᠨ ᠤ 1 ᠳ᠋ᠤᠭᠡᠷ ᠰᠠᠷ᠎ᠠ ᠶᠢᠨ 6 ᠳ᠋ᠥ᠃

Posted in ᠵᠤᠴᠢᠨ ᠬᠤᠢ᠌ᠮᠤᠷ| 每日嘉宾 and tagged .