ᠬᠠᠷᠢᠶᠠᠯᠠᠬᠤ ᠶᠢᠨ ᠲᠠᠢᠨ ᠢᠯᠭᠠᠯ ᠬᠠᠮᠢᠭ᠎ᠠ ᠶᠠᠪᠤᠴᠢᠬᠠᠪᠠ 1蒙古语的所有格去哪里了1

 

ᠬᠠᠷᠢᠶᠠᠯᠠᠬᠤ ᠶᠢᠨ ᠲᠠᠢᠨ ᠢᠯᠭᠠᠯ ᠬᠠᠮᠢᠭ᠎ᠠ ᠶᠠᠪᠤᠴᠢᠬᠠᠪᠠ 1.

   ᠪᠠ᠊᠂ ᠪᠣᠯᠣᠳ ( ᠶᠠᠫᠥᠨ ᠤ ᠡᠷᠡᠭᠦᠯ ᠮᠡᠨᠳᠦ ᠰᠫᠥᠷᠲ ᠦᠨ ᠶᠡᠬᠡ ᠰᠤᠷᠭᠠᠭᠤᠯᠢ )
  ᠵᠣᠬᠢᠶᠠᠭᠴᠢ ᠮᠢᠨᠥ ᠪᠡᠶ᠎ᠡ ᠪᠡᠷ ᠬᠡᠳᠦᠢᠪᠡᠷ ᠬᠡᠯᠡᠨ ᠦ ᠴᠢᠭᠯᠡᠯ ᠦᠨ ᠰᠤᠳᠤᠯᠤᠭᠠᠴᠢ ᠪᠢᠰᠢ ᠴᠦ᠂ ᠥᠪ ᠰᠣᠶᠣᠯ ᠳ᠋ᠥ ᠪᠡᠨ ᠬᠠᠢᠷᠠᠲᠠᠢ ᠬᠦᠮᠦᠨ ᠦ ᠨᠢᠳᠦ ᠪᠡᠷ ᠬᠠᠷᠠᠬᠤ ᠳ᠋ᠥ ᠰᠡᠭᠦᠯ ᠦᠨ ᠬᠣᠷᠢᠭᠠᠳ ᠵᠢᠯ ᠳ᠋ᠦ ᠮᠣᠩᠭᠣᠯ ᠬᠡᠯᠡᠨ ᠦ ᠬᠡᠯᠡ ᠬᠡᠯᠡᠯᠭᠡ ᠳ᠋ᠥ ᠶᠡᠬᠡᠬᠡᠨ ᠬᠤᠪᠢᠷᠠᠯᠲᠠ ᠭᠠᠷᠤᠭᠰᠠᠨ ᠭᠡᠵᠦ ᠪᠤᠳᠤᠵᠤ ᠪᠠᠢᠨ᠎ᠠ ᠃ ᠡᠭᠦᠨ ᠳ᠋ᠥ ᠶᠠᠭᠤᠨ ᠤ ᠡᠮᠥᠨ᠎ᠡ ᠮᠣᠩᠭᠣᠯ ᠬᠡᠯᠡᠨ ᠦ ᠪᠤᠬᠢᠷᠳᠤᠯ ᠪᠤᠶᠤ ᠮᠣᠩᠭᠣᠯ ᠬᠢᠲᠠᠳ ᠢᠶᠠᠷ ᠬᠣᠯᠢᠵᠤ ᠶᠠᠷᠢᠬᠤ《 ᠬᠣᠯᠢᠮᠠᠭ ᠬᠡᠯᠡ 》ᠭᠠᠵᠠᠷ ᠠᠪᠴᠦ᠂ ᠡᠭᠦᠨ ᠦ ᠲᠠᠭᠠᠤ ᠡᠬᠡ ᠬᠡᠯᠡᠨ ᠦ ᠰᠡᠳᠭᠢᠴᠡ᠂ ᠬᠡᠯᠡᠯᠭᠡ ᠶᠡᠬᠡ ᠬᠡᠮᠵᠢᠶ᠎ᠡ ᠪᠡᠷ ᠬᠤᠪᠢᠷᠠᠭᠰᠠᠨ ᠭᠡᠳᠡᠭ ᠪᠣᠯ ᠨᠡᠢᠲᠡ ᠣᠯᠠᠨ ᠤ ᠮᠡᠳᠡᠷᠡᠵᠦ ᠪᠠᠢᠭ᠎ᠠ ᠨᠡᠢᠭᠡᠮ ᠦᠨ ᠦᠵᠡᠭᠳᠡᠯ ᠪᠣᠯᠣᠨ᠎ᠠ᠃
  ᠮᠣᠩᠭᠣᠯ ᠦᠭᠡ ᠬᠡᠯᠡ ᠦᠰᠦᠭ ᠪᠢᠴᠢᠭ᠌ ᠦᠨ ᠠᠵᠢᠯ ᠲᠡᠭᠡᠷ᠎ᠡ ᠣᠷᠤᠰᠢᠵᠤ ᠪᠠᠢᠭ᠎ᠠ ᠠᠰᠠᠭᠤᠳᠠᠯ ᠤᠨ ᠲᠤᠬᠠᠢ᠂ ᠥᠪᠥᠷ ᠮᠣᠩᠭᠣᠯ ᠤᠨ ᠶᠡᠬᠡ ᠰᠤᠷᠭᠠᠭᠤᠯᠢ ᠶᠢᠨ ᠫᠷᠣᠹᠧᠰᠰᠣᠷ᠂ ᠳ᠋ᠣᠺᠲᠣᠷ ᠲᠦᠮᠡᠨᠵᠢᠷᠭᠠᠯ《ᠮᠣᠩᠭᠣᠯ ᠬᠡᠯᠡ ᠪᠢᠴᠢᠭ᠌ ᠦᠨ ᠰᠤᠷᠴᠤ ᠬᠡᠷᠡᠭᠯᠡᠬᠦ ᠪᠠ ᠰᠤᠳᠤᠯᠬᠤ ᠠᠰᠠᠭᠣᠳᠠᠯ》(ᠥᠪᠥᠷ ᠮᠣᠩᠭᠣᠯ ᠤᠨ ᠰᠤᠷᠭᠠᠨ ᠬᠦᠮᠦᠵᠢᠯ ᠦᠨ ᠬᠡᠪᠯᠡᠯ ᠦᠨ ᠬᠣᠷᠢᠶ᠎ᠠ᠂ 2008 ) ᠭᠡᠳᠡᠭ ᠨᠣᠮ ᠳ᠋ᠥ ᠪᠡᠨ ᠮᠠᠰᠢ ᠲᠡᠯᠭᠡᠷᠡᠩᠭᠦᠢ ᠰᠤᠳᠤᠯᠤᠭᠰᠠᠨ ᠪᠠᠢᠳᠠᠭ᠃ ᠲᠤᠰ ᠨᠣᠮ ᠳ᠋ᠥ ᠲᠤᠮᠲᠠᠲᠤ ᠤᠯᠤᠰ ᠤᠨ ᠮᠣᠩᠭᠣᠯ ᠦᠨᠳᠦᠰᠦᠲᠠᠨ ᠤ ᠣᠷᠤᠰᠢᠨ ᠰᠠᠭᠤᠭ᠎ᠠ ᠭᠠᠵᠠᠷ ᠨᠤᠲᠤᠭ ᠤᠳ᠂ ᠢᠯᠡᠩᠭᠤᠶ᠎ᠠ ᠥᠪᠥᠷ ᠮᠣᠩᠭᠣᠯ ᠨᠢ ᠮᠣᠩᠭᠣᠯ ᠬᠡᠯᠡ ᠦᠰᠥᠭ ᠪᠢᠴᠢᠭ᠌ ᠦᠨ ᠠᠵᠢᠯ ᠤᠨ ᠲᠠᠯ᠎ᠠ ᠪᠠᠷ ᠮᠠᠰᠢ ᠣᠯᠠᠨ ᠪᠠᠶᠠᠷᠯᠠᠭᠤᠰᠢᠲᠠᠢ ᠠᠮᠵᠢᠯᠲᠠ ᠣᠯᠣᠭᠰᠠᠨ ᠢ ᠦᠨᠡᠯᠡᠭᠰᠡᠨ ᠦ ᠲᠠᠷᠠᠭ᠎ᠠ᠂ ᠲᠠᠷᠠᠭᠠᠬᠢ ᠮᠡᠲᠦ ᠠᠰᠠᠭᠤᠳᠠᠯ ᠣᠷᠣᠰᠢᠵᠤ ᠪᠠᠢᠭ᠎ᠠ ᠲᠤᠬᠠᠢ ᠲᠤᠷᠠᠳᠤᠭᠰᠠᠨ ᠪᠠᠢᠨ᠎ᠠ ( ᠨᠠᠷᠢᠨ ᠠᠭᠤᠯᠭ᠎ᠠ ᠶᠢ ᠲᠤᠪᠴᠢᠯᠠᠪᠠ )᠃
  1.ᠮᠣᠩᠭᠣᠯ ᠦᠭᠡ ᠬᠡᠯᠡ ᠦᠰᠦᠭ ᠪᠢᠴᠢᠭ᠌  ᠦᠨ ᠠᠵᠢᠯ ᠳ᠋ᠥ ᠲᠠᠨᠢᠯᠲᠠ ᠲᠤᠲᠠᠮᠠᠭ᠂ ᠦᠯᠦ ᠬᠠᠢᠬᠤᠷᠬᠤ ᠬᠡᠯᠪᠡᠷᠢᠯ ᠣᠷᠤᠰᠢᠵᠤ ᠪᠠᠢᠬᠤ᠃
  2.ᠮᠣᠩᠭᠣᠯ ᠦᠭᠡ ᠬᠡᠯᠡ ᠦᠰᠦᠭ ᠪᠢᠴᠢᠭ᠌  ᠢ ᠰᠤᠷᠴᠤ ᠬᠡᠷᠡᠭᠯᠡᠬᠦ ᠬᠦᠷᠢᠶ᠎ᠡ ᠬᠡᠪᠴᠢᠶ᠎ᠡ ᠤᠯᠠᠮ ᠢᠶᠠᠷ ᠢᠪᠴᠤᠤᠷᠠᠵᠤ ᠪᠠᠢᠬᠤ᠃
  3.ᠮᠣᠩᠭᠣᠯ ᠬᠡᠯᠡᠨ ᠦ ᠰᠤᠷᠭᠠᠨ ᠬᠦᠮᠦᠵᠢᠯ ᠢ ᠤᠮᠳᠤᠭᠠᠢᠯᠠᠬᠤ᠂ ᠬᠥᠩᠭᠡᠪᠴᠢᠯᠡᠵᠦ ᠪᠠᠢᠬᠤ᠃
 4.ᠮᠣᠩᠭᠣᠯ ᠦᠭᠡ ᠬᠡᠯᠡ ᠦᠰᠦᠭ ᠪᠢᠴᠢᠭ᠌  ᠦᠨ ᠬᠡᠷᠡᠭᠯᠡᠭᠡᠨ ᠦ ᠰᠤᠳᠤᠯᠭᠠᠨ ᠤᠮᠳᠤᠭᠠᠢᠯᠠᠭᠳᠠᠵᠤ ᠪᠠᠢᠬᠤ᠃
 

Posted in ᠵᠤᠴᠢᠨ ᠬᠤᠢ᠌ᠮᠤᠷ| 每日嘉宾 and tagged .