ᠮᠤᠩᠭᠤᠯ ᠰᠢᠨᠵᠢᠯᠡᠬᠥ ᠤᠬᠠᠭᠠᠨᠳᠠᠨ ᠴᠢᠯᠠᠭᠤ ᠶᠢᠨ ᠥᠯᠢᠭᠡᠷ蒙古族科学家其鲁的故事

ᠮᠤᠩᠭᠤᠯ ᠰᠢᠨᠵᠢᠯᠡᠬᠥ ᠤᠬᠠᠭᠠᠨᠳᠠᠨ ᠴᠢᠯᠠᠭᠤ ᠶᠢᠨ ᠥᠯᠢᠭᠡᠷ

2016 ᠤᠨ ᠤ 《ᠪᠦᠮᠪᠦᠷᠴᠡᠭ ᠦᠨ ᠬᠦᠮᠦᠨ ᠲᠦᠷᠦᠯᠬᠢᠳᠡᠨ ᠤᠷᠤᠰᠢᠨ ᠠᠮᠢᠳᠣᠷᠠᠬᠤ ᠪᠠᠶᠢᠭᠠᠯᠢ ᠤᠷᠴᠢᠨ ᠳ᠋ᠤ ᠭᠠᠷᠮᠠᠭᠠᠢ ᠬᠤᠪᠢ ᠨᠡᠮᠡᠷᠢ ᠦᠵᠡᠬᠦᠯᠦᠭᠰᠡᠨ ᠱᠠᠩᠨᠠᠯ 》 ᠬᠦᠷᠳᠡᠭᠰᠡᠨ ᠮᠣᠩᠭᠤᠯ ᠦᠨᠳᠦᠰᠦᠲᠡᠨ ᠦ ᠠᠯᠳᠠᠷᠲᠤ ᠰᠢᠨᠵᠢᠯᠡᠬᠦ ᠤᠬᠠᠭᠠᠨᠲᠠᠨ ᠴᠢᠯᠠᠭᠤ ᠪᠤᠯ ᠪᠡᠭᠡᠵᠢᠩ ᠶᠡᠭᠡ ᠰᠣᠷᠭᠠᠭᠤᠯᠢ ᠶᠢᠨ ᠫᠷᠣᠹᠧᠰᠰᠣᠷ ᠂ ᠳ᠋ᠣᠺᠲᠤᠷᠠᠨᠲ ᠤᠨ ᠵᠢᠯᠣᠭᠤᠳᠣᠭᠴᠢ ᠂ ᠲᠦᠷᠦ ᠶᠢᠨ ᠶᠠᠪᠤᠳᠠᠯ ᠤᠨ ᠬᠤᠷᠢᠶᠠᠨ ᠤ ᠤᠨᠴᠠ ᠨᠦᠬᠦᠪᠦᠷᠢ ᠶᠢ ᠬᠦᠷᠳᠡᠵᠦ ᠪᠠᠢᠭ᠎ᠠ ᠲᠤᠰᠬᠠᠢ ᠮᠡᠷᠭᠡᠵᠢᠯᠲᠡᠨ ᠂ ᠮᠠᠲ᠋ᠧᠷᠢᠶᠠᠯ ᠤᠨ ᠰᠢᠨᠵᠢᠯᠡᠭᠡᠨ ᠦ ᠲᠤᠰᠬᠠᠢ ᠮᠡᠷᠭᠡᠵᠢᠯᠲᠡᠨ ᠂ ᠮᠠᠨ ᠤ ᠤᠯᠤᠰ ᠤᠨ ᠺᠣᠪᠠᠯᠲ ᠬᠦᠴᠢᠯ ᠦᠨ ᠯᠢᠲ᠋ᠢ ᠂ ᠮᠠᠩᠭᠠᠨ ᠬᠦᠴᠢᠯ ᠦᠨ ᠯᠢᠲ᠋ᠢ ᠶᠢᠨ ᠴᠠᠬᠢᠯᠭᠠᠨ ᠵᠠᠢ ᠶᠢᠨ ᠠᠷᠭ᠎ᠠ ᠲᠦᠢᠯ ᠦᠨ ᠮᠠᠲ᠋ᠧᠷᠢᠶᠠᠯ ᠤᠨ ᠰᠠᠭᠤᠷᠢᠯᠠᠭᠴᠢ ᠮᠦᠨ ᠃

ᠠᠯᠤᠰ ᠲᠠᠯᠠᠢ ᠳ᠋ᠤ ᠬᠦᠷᠴᠦ ᠤᠶᠤᠨ ᠤᠬᠠᠭᠠᠨ ᠢᠶᠠᠨ ᠴᠡᠨᠡᠭᠯᠡᠭᠰᠡᠨ ᠨᠢ

ᠲᠡᠷᠡ 1957 ᠤᠨ ᠤ 10 ᠰᠠᠷ᠎ᠠ ᠳ᠋ᠤ ᠦᠪᠦᠷ ᠮᠤᠩᠭᠤᠯ ᠣᠷᠳᠣᠰ ᠬᠤᠲᠠ ᠶᠢᠨ ᠦᠦᠰᠢᠨ ᠬᠤᠰᠢᠭᠤᠨ ᠳ᠋ᠤ ᠲᠦᠷᠦᠵᠡᠢ ᠃ 1977 ᠤᠨ ᠳ᠋ᠤ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠬᠢᠮᠢ ᠶᠢᠨ ᠰᠠᠯᠪᠤᠷᠢ ᠳ᠋ᠤ ᠰᠢᠯᠭᠠᠭᠤᠯᠤᠨ ᠤᠷᠤᠵᠤ ᠂ 1982 ᠤᠨ ᠡᠴᠠ 1986  ᠤᠨ ᠪᠤᠯᠲᠠᠯ᠎ᠠ ᠦᠪᠦᠷ ᠮᠤᠩᠭᠤᠯ ᠤᠨ ᠶᠡᠭᠡ ᠰᠣᠷᠭᠠᠭᠤᠯᠢ ᠶᠢᠨ ᠬᠢᠮᠢ ᠶᠢᠨ ᠰᠠᠯᠪᠤᠷᠢ ᠳ᠋ᠤ ᠪᠠᠭᠰᠢᠯᠠᠬᠤ ᠶᠢᠨ ᠵᠡᠷᠭᠡᠪᠡᠷ ᠬᠤᠪᠤᠷ ᠰᠢᠷᠣᠢ ᠶᠢᠨ ᠡᠯᠧᠮᠧᠨᠲ ᠢ ᠵᠠᠳᠠᠯᠬᠤ ᠬᠢᠮᠢ ᠶᠢᠨ ᠰᠣᠳᠣᠯᠭᠠᠨ ᠤ ᠠᠵᠢᠯ ᠳ᠋ᠤ ᠤᠷᠣᠯᠴᠠᠵᠠᠢ ᠃

1988 ᠤᠨ ᠳ᠋ᠤ ᠲᠡᠭᠦᠨ ᠦ ᠬᠤᠪᠤᠷ ᠰᠢᠷᠤᠢ ᠵᠠᠷᠭᠡ ᠬᠢᠮᠢ ᠶᠢᠨ ᠡᠯᠧᠮᠧᠨᠲ ᠦᠨ ᠬᠦᠷᠢᠶᠡᠨ ᠳ᠋ᠠᠬᠢ ᠰᠤᠳᠤᠯᠭᠠᠨ ᠤ ᠦᠷ᠎ᠡ ᠪᠦᠳᠦᠮᠵᠢ ᠨᠢ ᠡᠷᠳᠡᠮ ᠰᠢᠨᠵᠢᠯᠡᠭᠡᠨ ᠦ ᠬᠢᠨ ᠳ᠋ᠤ ᠮᠡᠳᠡᠷᠡᠭᠳᠡᠵᠦ ᠂ ᠠᠯᠪᠠᠨ ᠤ ᠲᠤᠮᠢᠯᠠᠯᠳᠠ ᠪᠠᠷ ᠶᠠᠫᠤᠨ ᠳ᠋ᠤ ᠰᠤᠷᠤᠯᠴᠠᠵᠤ ᠂ 1992ᠤᠨ ᠤ ᠬᠠᠪᠣᠷ ᠲᠤᠤᠺᠢᠣ᠋ ᠶᠡᠭᠡ ᠰᠣᠷᠭᠠᠭᠤᠯᠢ ᠶᠢᠨ ᠪᠠᠢᠭᠠᠯᠢ ᠶᠢᠨ ᠰᠢᠨᠵᠢᠯᠡᠬᠦ ᠤᠬᠠᠭᠠᠨ ᠤ ᠳ᠋ᠣᠺᠲᠣᠷ ᠴᠤᠯᠠ ᠬᠠᠮᠠᠭᠠᠯᠠᠵᠠᠢ ᠃ 1992 ᠤᠨ ᠡᠴᠠ 2000 ᠤᠨ ᠪᠣᠯᠲᠠᠯ᠎ᠠ ᠶᠠᠫᠤᠨ ᠤ ᠤᠯᠤᠰ ᠤᠨ ᠶᠡᠭᠡ ᠰᠣᠷᠭᠠᠭᠤᠯᠢ ᠪᠤᠯᠤᠨ ᠠᠵᠤ ᠠᠬᠤᠶᠢᠯᠠᠯ ᠳ᠋ᠤ ᠰᠣᠳᠣᠯᠭᠠᠨ ᠤ ᠠᠵᠢᠯ ᠬᠢᠵᠦ ᠂ 2000 ᠤᠨ ᠤ 8 ᠰᠠᠷ᠎ᠠ ᠳ᠋ᠤ ᠪᠡᠭᠡᠵᠢᠩ ᠶᠡᠭᠡ ᠰᠣᠷᠭᠠᠭᠤᠯᠢ ᠶᠢᠨ ᠹᠢᠽᠢᠺ ᠤᠨ ᠰᠠᠯᠪᠤᠷᠢ ᠳ᠋ᠤ ᠢᠷᠡᠵᠦ ᠠᠵᠢᠯᠯᠠᠭᠠᠳ ᠣᠳᠣ ᠳ᠋ᠤ ᠬᠦᠷᠴᠡᠢ ᠃ ᠶᠠᠫᠤᠨ ᠳ᠋ᠤ ᠰᠤᠷᠤᠯᠴᠠᠨ ᠠᠮᠢᠳᠤᠷᠠᠵᠤ ᠪᠠᠢᠭᠰᠠᠨ ᠡᠨᠡᠬᠦ 13 ᠵᠢᠯ ᠨᠢ ᠴᠢᠯᠠᠭᠤ ᠶᠢᠨ ᠰᠡᠭᠦᠯᠴᠢ ᠶᠢᠨ ᠰᠤᠳᠤᠯᠭᠠᠨ ᠤ ᠴᠢᠭᠯᠡᠯ ᠪᠡ ᠲᠤᠰᠬᠠᠢ ᠮᠡᠷᠭᠡᠵᠢᠯ ᠦᠨ ᠰᠠᠭᠤᠷᠢ ᠶᠢ ᠲᠠᠯᠪᠢᠭᠰᠠᠨ ᠵᠠᠩᠬᠢᠯᠠᠭ᠎ᠠ ᠶᠢᠨ ᠴᠠᠭ ᠦᠶ ᠎ᠡ ᠪᠤᠯᠤᠭᠰᠡᠨ ᠪᠢᠯᠡ ᠃

1992 ᠤᠨ ᠳ᠋ᠤ ᠶᠠᠫᠤᠨ ᠤ ᠰᠦᠧᠧᠨᠢ ᠺᠤᠮᠫᠠᠨᠢ ᠡᠴᠠ ᠯᠢᠲ᠋ᠢ ᠢᠶᠦᠨ ᠦ ᠴᠠᠭᠢᠯᠭᠠᠨ ᠵᠠᠢ ᠶᠢ ᠦᠢᠯᠡᠳᠪᠦᠷᠢᠯᠡᠨ ᠲᠠᠧᠠᠷᠵᠢᠭᠤᠯᠤᠭᠰᠠᠨ ᠪᠢᠯᠡ ᠃ ᠡᠨᠡᠬᠦ ᠡᠨᠧᠷᠬᠢ ᠬᠠᠳᠠᠭᠠᠯᠠᠬᠤ ᠰᠢᠰᠲ᠋ᠧᠮ ᠤᠨ ᠦᠭᠡᠷᠡᠴᠢᠯᠡᠯᠳᠡ ᠪᠠ ᠰᠢᠨ᠎ᠡ ᠡᠬᠦᠳᠦᠯᠳᠡ ᠨᠢ ᠲᠤᠬᠠᠢ ᠶᠢᠨ ᠦᠶ᠎ᠠ ᠶᠢᠨ ᠭᠠᠷ ᠤᠳᠠᠰᠤ ᠵᠢᠴᠢ ᠪᠤᠰᠤᠳ ᠲᠡᠭᠡᠳᠦ ᠰᠢᠨᠵᠢᠯᠡᠭᠦ ᠤᠬᠠᠭᠠᠨ ᠮᠡᠷᠭᠡᠵᠢᠯ ᠦᠨ ᠪᠦᠳᠦᠭᠡᠭᠳᠡᠭᠦᠨ ᠦ ᠲᠦᠳᠡᠴᠢᠯᠡᠬᠦ ᠬᠠᠨᠳᠤᠰᠢ ᠶᠢ ᠠᠪᠴᠢᠷᠠᠭᠰᠠᠨ ᠃ ᠴᠢᠯᠠᠭᠤ ᠶᠢᠨ ᠰᠢᠨ᠎ᠡ ᠮᠠᠲᠧᠷᠢᠶᠠᠯ ᠤᠨ ᠲᠠᠯ ᠎ᠠ ᠪᠠᠷ ᠬᠢ ᠰᠤᠳᠤᠯᠤᠯ ᠤᠨ ᠲᠦᠪᠰᠢᠨ ᠪᠡ ᠡᠭᠦᠳᠦᠯᠳᠡ ᠶᠢᠨ ᠴᠢᠳᠠᠪᠤᠷᠢ ᠨᠢ ᠶᠠᠫᠤᠨ ᠤ ᠤᠯᠠᠨ ᠺᠤᠮᠫᠠᠨᠢ ᠪᠡ ᠲᠡᠭᠡᠳᠦ ᠰᠤᠷᠭᠠᠭᠤᠯᠢ ᠳ᠋ᠤ ᠮᠡᠳᠡᠷᠡᠭᠳᠡᠵᠦ ᠂ ᠦᠨᠳᠦᠷ ᠴᠠᠯᠢᠩ ᠤᠬᠢ ᠰᠠᠢᠨ ᠨᠦᠭᠦᠴᠡᠯ ᠢᠶᠡᠷ ᠲᠡᠬᠦᠨ ᠢ ᠦᠯᠡᠳᠡᠭᠡᠬᠦ ᠪᠡᠷ ᠲᠠᠳᠠᠭᠰᠠᠨ ᠪᠠᠢᠨ᠎ᠠ ᠃ ᠭᠡᠪᠡᠴᠦ ᠲᠡᠷᠡ ᠡᠬᠡ ᠤᠯᠤᠰ ᠲᠠᠭᠠᠨ ᠬᠠᠷᠢᠵᠤ ᠂ ᠡᠬᠡ ᠤᠯᠤᠰ ᠤᠨ ᠪᠦᠳᠦᠭᠡᠨ ᠪᠠᠢᠭᠤᠯᠤᠯᠳᠠ ᠳ᠋ᠠᠭᠠᠨ ᠬᠦᠴᠦ ᠪᠡᠨ ᠡᠷᠭᠦᠬᠦ ᠭᠡᠰᠡᠨ ᠵᠤᠷᠢᠯᠳᠠ ᠶᠢ ᠭᠤᠢᠪᠢᠰᠢ  ᠦᠭᠡᠢ ᠪᠠᠷᠢᠮᠳᠠᠯᠠᠵᠤ ᠪᠠᠢᠪᠠ ᠃
ᠤᠯᠤᠰ ᠲᠠᠭᠠᠨ ᠬᠠᠷᠢᠵᠤ ᠢᠷᠡᠬᠦ ᠡᠴᠠ ᠡᠮᠦᠨ᠎ᠡ ᠲᠡᠷᠡ ᠪᠠᠭ᠎ᠠ ᠪᠤᠰᠤ ᠪᠡᠯᠡᠳᠬᠡᠯ ᠠᠵᠢᠯ ᠬᠢᠭᠰᠡᠨ ᠃ ᠨᠢᠭᠡ ᠵᠢᠯ ᠰᠢᠬᠠᠮ ᠴᠠᠭ ᠵᠠᠷᠤᠴᠠᠭᠤᠯᠵᠤ ᠂ ᠶᠠᠫᠤᠨ ᠲᠤᠮᠳᠠᠳᠤ ᠬᠤᠶᠠᠷ ᠤᠯᠤᠰ ᠤᠨ ᠬᠤᠭᠤᠷᠤᠨᠳᠤ ᠵᠤᠷᠴᠢᠨ ᠠᠶᠠᠯᠠᠵᠤ ᠂ ᠦᠪᠡᠰᠦᠪᠡᠨ ᠵᠤᠭᠤᠰ ᠭᠠᠷᠭᠠᠵᠤ ᠰᠤᠳᠤᠯᠭᠠᠨ ᠳ᠋ᠠᠭᠠᠨ ᠬᠡᠷᠡᠭᠰᠡᠭᠦ ᠲᠤᠨᠤᠭ ᠲᠦᠭᠦᠭᠡᠷᠦᠮᠵᠢ ᠶᠢ ᠬᠤᠳᠠᠯᠳᠤᠨ ᠠᠪᠤᠭᠰᠠᠨ ᠮᠦᠷᠳᠡᠭᠡᠨ ᠰᠤᠳᠤᠯᠬᠤ ᠲᠤᠭᠤᠢᠯᠠᠩ ᠵᠢᠴᠢ ᠬᠤᠪᠢ ᠤᠷᠤᠭᠤᠯᠤᠭᠰᠠᠨ ᠺᠤᠮᠫᠠᠨᠢ ᠶᠢ ᠰᠠᠨᠠᠭᠠᠴᠢᠯᠠᠨ ᠪᠠᠢᠭᠤᠯᠵᠤ ᠂ ᠤᠯᠤᠰ ᠲᠠᠭᠠᠨ ᠬᠠᠷᠢᠵᠤ ᠢᠷᠡᠭᠰᠡᠨ ᠦ ᠲᠠᠷᠠᠭ᠎ᠠ ᠰᠤᠳᠤᠯᠭᠠᠨ ᠤ ᠠᠵᠢᠯᠯᠠᠭ᠎ᠠ ᠪᠠᠨ ᠦᠷᠭᠦᠯᠵᠢᠯᠡᠨ ᠦᠷᠨᠢᠭᠦᠯᠬᠦ ᠳ᠋ᠤ ᠬᠦᠢᠴᠡᠳ ᠪᠡᠯᠡᠳᠭᠡᠯ ᠬᠢᠭᠰᠡᠨ ᠪᠠᠢᠨ᠎ᠠ ᠃

ᠰᠢᠨᠵᠢᠯᠡᠬᠦ ᠤᠬᠠᠭᠠᠨ ᠮᠡᠷᠭᠡᠵᠢᠯ ᠦᠨ ᠰᠢᠨ᠎ᠡ ᠨᠢᠭᠡᠨ ᠴᠠᠭ ᠦᠶ᠎ᠡ ᠶᠢ ᠨᠡᠭᠡᠭᠡᠭᠰᠡᠨ ᠨᠢ

2001 ᠤᠨ ᠤ ᠡᠬᠢᠨ ᠳ᠋ᠤ ᠂ ᠰᠠᠶᠢᠬᠠᠨ ᠤᠯᠤᠰ ᠲᠠᠭᠠᠨ ᠪᠤᠴᠠᠵᠤ ᠢᠷᠡᠭᠰᠡᠨ ᠴᠢᠯᠠᠭᠤ ᠫᠷᠤᠫᠧᠰᠰᠤᠷ ᠬᠤᠪᠢ ᠶᠢᠨ ᠤᠶᠤᠨ ᠤ ᠦᠮᠴᠢ ᠶᠢᠨ ᠡᠷᠭᠡ ᠲᠡᠢ ᠺᠣᠪᠠᠯᠲ ᠬᠦᠴᠢᠯ ᠦᠨ ᠯᠢᠲ᠋ᠢ ᠶᠢᠨ ᠨᠡᠢᠯᠡᠭ ᠮᠡᠷᠭᠡᠵᠢᠯ ᠦᠨ ᠰᠢᠪᠳᠤᠯᠤᠯᠲᠠ ᠶᠢ ᠪᠡᠶᠡᠯᠡᠭᠦᠯᠦᠭᠰᠡᠨ ᠮᠦᠷᠳᠡᠭᠡᠨ ᠪᠦᠭᠡᠮ ᠢᠶᠡᠷ ᠦᠢᠯᠡᠳᠪᠦᠷᠢᠯᠡᠬᠦ ᠪᠤᠯᠭᠠᠵᠤ ᠂ ᠮᠠᠨ ᠤ ᠤᠯᠤᠰ ᠤᠨ ᠺᠣᠪᠠᠯᠲ ᠬᠦᠴᠢᠯ ᠦᠨ ᠯᠢᠲ᠋ᠢ ᠶᠢᠨ ᠴᠠᠬᠢᠯᠭᠠᠨ ᠵᠠᠢ ᠶᠢ ᠲᠤᠰᠠᠭᠠᠷ ᠦᠢᠯᠡᠳᠪᠦᠷᠢᠯᠡᠵᠦ ᠲᠡᠢᠯᠬᠦ ᠦᠭᠡᠢ ᠲᠡᠦᠭᠡ ᠶᠢ ᠡᠴᠦᠰᠯᠡᠬᠦᠯᠵᠦ ᠂ ᠴᠠᠬᠢᠯᠭᠠᠨ ᠵᠠᠢ ᠶᠢᠨ ᠦᠪᠡᠷ ᠦᠨ ᠦᠷᠳᠡᠭ ᠢ ᠶᠡᠭᠡᠪᠡᠷ ᠪᠠᠭᠠᠰᠬᠠᠭᠰᠠᠨ ᠪᠠᠢᠨ᠎ᠠ ᠃ ᠴᠠᠬᠢᠯᠭᠠᠨ ᠵᠠᠢ ᠶᠢᠨ ᠵᠠᠩᠬᠢᠯᠠᠭ᠎ᠠ ᠶᠢᠨ ᠮᠠᠲ᠋ᠧᠷᠢᠶᠠᠯ ᠢ ᠲᠤᠳᠤᠭᠠᠳᠤ ᠳ᠋ᠠᠭᠠᠨ ᠦᠢᠯᠡᠳᠪᠦᠷᠢᠯᠡᠭᠰᠡᠨ ᠡᠴᠠ ᠪᠤᠯᠵᠤ ᠂ ᠤᠬᠤᠷᠬᠠᠨ ᠬᠡᠳᠦᠨ ᠵᠢᠯ ᠤᠨ ᠲᠤᠷᠰᠢ ᠂ ᠲᠤᠮᠳᠠᠳᠤ ᠤᠯᠤᠰ ᠨᠢᠭᠡᠨᠳᠡ ᠲᠡᠯᠡᠬᠡᠢ ᠶᠢᠨ ᠯᠢᠲ᠋ᠢ ᠶᠢᠨ ᠴᠠᠬᠢᠯᠭᠠᠨ ᠵᠠᠢ ᠦᠢᠯᠡᠳᠪᠦᠷᠢᠯᠡᠬᠦ ᠶᠡᠬᠡ ᠤᠯᠤᠰ ᠪᠤᠯᠵᠤ ᠬᠦᠭᠵᠢᠭᠰᠡᠨ ᠮᠦᠷᠳᠡᠭᠡᠨ ᠴᠠᠬᠢᠯᠭᠠᠨ ᠵᠠᠢ ᠶᠢᠨ ᠭᠠᠷᠭᠠᠯᠳᠠ ᠨᠢ ᠪᠦᠬᠦ ᠲᠡᠯᠡᠬᠡᠢ ᠶᠢᠨ ᠭᠤᠷᠪᠠᠨ ᠤ ᠨᠢᠭᠡ ᠶᠢ ᠡᠵᠡᠯᠡᠭᠰᠡᠨ ᠪᠠᠢᠨ᠎ᠠ ᠃

ᠺᠣᠪᠠᠯᠲ ᠬᠦᠴᠢᠯ ᠦᠨ ᠯᠢᠲ᠋ᠢ ᠶᠢᠨ ᠨᠡᠢᠯᠡᠭ ᠮᠡᠷᠭᠡᠵᠢᠯ ᠦᠨ ᠰᠢᠪᠳᠤᠯᠤᠯᠲᠠ ᠶᠢ ᠪᠡᠶᠡᠯᠡᠭᠦᠯᠦᠭᠰᠡᠨ ᠦ ᠲᠠᠷᠠᠭ᠎ᠠ ᠴᠢᠯᠠᠭᠤ ᠫᠷᠤᠫᠧᠰᠰᠤᠷ ᠴᠠᠬᠢᠯᠭᠠᠨ ᠬᠦᠳᠡᠯᠭᠡᠭᠦᠷᠲᠣ ᠮᠠᠰᠢᠨ ᠲᠡᠷᠭᠡᠨ ᠳ᠋ᠤ ᠬᠡᠷᠡᠭᠯᠡᠬᠦ ᠬᠦᠳᠡᠯᠭᠡᠭᠴᠢ ᠬᠦᠴᠦᠨ ᠦ ᠴᠠᠬᠢᠯᠭᠠᠨ ᠵᠠᠢ ᠦᠢᠯᠡᠳᠪᠦᠷᠢᠯᠡᠬᠦ ᠠᠵᠢᠯᠯᠠᠭ᠎ᠠ ᠳ᠋ᠤ ᠠᠩᠬᠠᠷᠤᠯ ᠢᠶᠠᠨ ᠬᠠᠨᠳᠤᠭᠤᠯᠤᠭᠰᠠᠨ ᠪᠠᠢᠯ᠎ᠠ ᠃ ᠲᠤᠮᠳᠠᠳᠤ ᠤᠯᠤᠰ ᠲᠤ ᠺᠣᠪᠠᠯᠲ ᠤᠨ ᠡᠬᠢ ᠪᠠᠶᠠᠯᠢᠭ ᠨᠢ ᠲᠦᠢᠯ ᠦᠨ ᠬᠢᠵᠠᠭᠠᠷ ᠲᠠᠢ ᠪᠠᠢᠵᠤ ᠂ ᠦᠨᠳᠦᠰᠦᠨ ᠳ᠋ᠡᠭᠡᠨ ᠭᠠᠳᠠᠭᠠᠳᠤ ᠡᠴᠠ ᠤᠷᠤᠭᠤᠯᠬᠤ ᠳ᠋ᠤ ᠲᠦᠰᠢᠭᠯᠡᠵᠦ ᠪᠠᠢᠭᠰᠠᠠ ᠤᠴᠢᠷ ᠡᠴᠠ ᠺᠣᠪᠠᠯᠲ ᠬᠦᠴᠢᠯ ᠦᠨ ᠯᠢᠲ᠋ᠢ ᠶᠢᠨ ᠴᠠᠬᠢᠯᠭᠠᠨ ᠵᠠᠢ ᠶᠢᠨ ᠦᠢᠯᠡᠳᠪᠦᠷᠢᠯᠡᠯ ᠦᠨ ᠦᠪᠡᠷ ᠦᠨ ᠦᠷᠳᠡᠭ ᠨᠢ ᠬᠡᠳᠦ ᠦᠨᠳᠦᠷ ᠮᠦᠷᠳᠡᠭᠡᠨ ᠺᠣᠪᠠᠯᠲ ᠬᠦᠴᠢᠯ ᠦᠨ ᠯᠢᠲ᠋ᠢ ᠶᠢᠨ ᠬᠠᠯᠠᠭᠤᠨ ᠤ ᠲᠤᠭᠳᠠᠯᠴᠠᠭ᠎ᠠ ᠠᠨᠠᠢ ᠪᠠᠢᠵᠤ ᠂ ᠵᠦᠪᠬᠡᠨ ᠭᠠᠷ ᠤᠳᠠᠰᠤ ᠂ ᠺᠣᠮᠫᠢᠦ᠋ᠲ᠋ᠧᠷ ᠵᠡᠷᠭᠡ ᠪᠠᠭ᠎ᠠ ᠬᠡᠯᠪᠡᠷᠢ ᠶᠢᠨ ᠴᠡᠬᠢᠮ ᠪᠦᠳᠦᠭᠡᠭᠳᠡᠭᠦᠨ ᠦ ᠴᠠᠬᠢᠯᠭᠠᠨ ᠵᠠᠢ ᠪᠤᠯᠭᠠᠵᠤ ᠪᠤᠯᠳᠠᠭ ᠪᠤᠯᠪᠠᠴᠤ ᠴᠠᠬᠢᠯᠭᠠᠨ ᠭᠦᠳᠡᠯᠭᠡᠭᠦᠷᠳᠦ ᠮᠠᠰᠢᠨ ᠲᠡᠷᠭᠡᠨ ᠳ᠋ᠤ ᠵᠤᠬᠢᠬᠤ ᠦᠭᠡᠢ ᠪᠠᠢᠵᠠᠢ ᠃

2002 ᠤᠨ ᠳ᠋ᠤ ᠴᠢᠯᠠᠭᠤ ᠰᠤᠳᠤᠯᠭᠠᠨ ᠤ ᠲᠤᠭᠤᠢᠯᠠᠩ ᠢᠶᠠᠨ ᠲᠠᠭᠠᠭᠤᠯᠵᠤ ᠂ ᠮᠠᠩᠭᠠᠨ ᠬᠦᠴᠢᠯ ᠦᠨ ᠯᠢᠲ᠋ᠢ ᠶᠢᠨ ᠨᠡᠢᠯᠡᠭ ᠮᠡᠷᠭᠡᠵᠢᠯ ᠦᠨ ᠰᠢᠪᠳᠦᠯᠦᠯᠳᠡ ᠪᠡᠨ ᠡᠬᠢᠯᠡᠭᠦᠯᠦᠭᠰᠡᠨ ᠪᠠᠢᠨ᠎ᠠ ᠃ ᠡᠴᠦᠰ ᠲᠡᠭᠡᠨ ᠂ 2003  ᠤᠨ ᠳ᠋ᠤ ᠤᠯᠤᠰ ᠤᠨ ᠲᠤᠳᠤᠭᠠᠳᠤ ᠶᠢᠨ ᠤᠤᠭᠠᠨ ᠮᠠᠩᠭᠠᠨ ᠬᠦᠴᠢᠯ ᠦᠨ ᠯᠢᠲ᠋ᠢ ᠶᠢᠨ ᠦᠢᠯᠡᠳᠪᠦᠷᠢᠯᠡᠯ ᠦᠨ ᠱᠤᠭᠤᠮ ᠢ ᠪᠠᠢᠭᠤᠯᠵᠤ ᠂ ᠶᠡᠬᠡ ᠬᠡᠮᠵᠢᠶᠡᠨ ᠦ ᠲᠤᠭᠳᠠᠪᠤᠷᠢᠳᠤ ᠴᠠᠬᠢᠯᠭᠠᠨ ᠬᠠᠳᠠᠭᠠᠯᠠᠵᠤ ᠲᠡᠢᠯᠬᠦ ᠴᠢᠳᠠᠪᠬᠢ ᠲᠠᠢ ᠤᠬᠢ ᠰᠠᠢᠨ ᠮᠠᠩᠭᠠᠨ ᠬᠦᠴᠢᠯ ᠦᠨ ᠯᠢᠲ᠋ᠢ ᠶᠢᠨ ᠦᠢᠯᠡᠳᠬᠦᠨ ᠢ ᠵᠠᠬ᠎ᠠ ᠲᠡᠯᠭᠡᠭᠦᠷ ᠲᠦ ᠪᠤᠷᠤᠯᠠᠭᠤᠯᠤᠭᠰᠠᠨ ᠪᠠᠢᠨ᠎ᠠ ᠃ ᠮᠦᠨ ᠲᠤᠰ ᠵᠢᠯ ᠳ᠋ᠤ ᠂ ᠦᠪᠡᠷ ᠦᠨ ᠦᠢᠯᠡᠳᠪᠦᠷᠢᠯᠡᠭᠰᠡᠨ ᠮᠠᠩᠭᠠᠨ ᠬᠦᠴᠢᠯ ᠦᠨ ᠯᠢᠲ᠋ᠢ ᠶᠢᠨ ᠴᠠᠬᠢᠯᠭᠠᠨ ᠵᠠᠢ ᠶᠢᠨ ᠠᠷᠭ᠎ᠠ ᠲᠦᠢᠯ ᠦᠨ ᠮᠠᠲ᠋ᠧᠷᠢᠶᠠᠯ ᠢᠶᠠᠨ ᠠᠰᠢᠭᠯᠠᠵᠤ ᠂ ᠤᠯᠤᠰ ᠤᠨ ᠲᠤᠳᠤᠭᠠᠳᠤ ᠳ᠋ᠤ ᠡᠩ ᠲᠡᠷᠢᠬᠦᠨ ᠳ᠋ᠤ ᠶᠡᠬᠡ ᠪᠠᠭᠳᠠᠭᠠᠮᠵᠢ ᠲᠠᠢ ᠬᠦᠳᠡᠯᠭᠡᠭᠦᠷ ᠴᠠᠬᠢᠯᠭᠠᠨ ᠵᠠᠢ ᠶᠢ ᠡᠭᠦᠳᠦᠨ ᠪᠦᠳᠦᠭᠡᠵᠦ ᠂ ᠮᠠᠨ ᠤ ᠤᠯᠤᠰ ᠤᠨ ᠴᠠᠬᠢᠯᠭᠠᠨ ᠬᠦᠳᠡᠯᠭᠡᠭᠦᠷᠲᠣ ᠮᠠᠰᠢᠨ ᠲᠡᠷᠭᠡᠨ ᠦ ᠬᠦᠭᠵᠢᠯᠳᠡ ᠶᠢ ᠤᠷᠳᠤ ᠬᠤᠭᠤᠴᠠᠭ᠎ᠠ ᠪᠠᠷ ᠬᠢᠵᠠᠭᠠᠷᠯᠠᠵᠤ ᠪᠠᠢᠭᠰᠠᠨ ᠡᠨᠧᠷᠬᠢ ᠬᠠᠳᠠᠭᠠᠯᠠᠬᠤ ᠯᠢᠲ᠋ᠢ ᠶᠢᠨ ᠴᠠᠬᠢᠯᠭᠠᠨ ᠵᠠᠢ ᠶᠢᠨ ᠮᠡᠷᠭᠡᠵᠢᠯ ᠦᠨ ᠴᠢᠬᠤᠯᠠ ᠰᠢᠪᠳᠤᠯᠤᠯᠳᠠ ᠶᠢ ᠪᠡᠶᠡᠯᠡᠬᠦᠯᠵᠡᠢ ᠃ ᠡᠬᠦᠪᠡᠷ ᠪᠦᠬᠦ ᠲᠡᠯᠡᠬᠡᠢ ᠶᠢᠨ 《ᠡᠨᠧᠷᠬᠢ ᠠᠷᠪᠢᠯᠠᠵᠤ ᠪᠤᠬᠢᠷᠳᠤᠯ ᠭᠠᠳᠠᠭᠰᠢᠯᠠᠭᠤᠯᠬᠤ ᠶᠢ ᠪᠠᠭᠠᠰᠬᠠᠬᠤ 》 ᠬᠠᠨᠳᠤᠰᠢ ᠳ᠋ᠤ ᠨᠡᠢᠴᠡᠭᠰᠡᠨ ᠰᠢᠨ᠎ᠡ ᠮᠠᠶᠢᠭ ᠤᠨ ᠴᠠᠬᠢᠯᠭᠠᠨ ᠬᠦᠳᠡᠯᠭᠡᠭᠦᠷᠲᠣ ᠮᠠᠰᠢᠨ ᠲᠡᠷᠭᠡᠨ ᠦ ᠬᠦᠭᠵᠢᠯᠳᠡ ᠶᠢ ᠠᠬᠢᠭᠤᠯᠤᠭᠰᠠᠨ ᠪᠠᠢᠨ᠎ᠠ ᠃

ᠮᠠᠯᠴᠢᠨ ᠠᠢᠯ ᠢ ᠬᠡᠷᠡᠯᠳᠦᠭᠦᠯᠦᠭᠰᠡᠨ 《ᠪᠢᠴᠢᠯ ᠴᠠᠬᠢᠯᠭᠠᠨ ᠦᠷᠳᠡᠭᠡ 》

ᠲᠠᠯ᠎ᠠ ᠨᠤᠳᠤᠭ ᠡᠬᠡ ᠤᠷᠤᠨ ᠳ᠋ᠠᠭᠠᠨ ᠭᠦᠨ ᠵᠤᠵᠠᠭᠠᠨ ᠬᠠᠢᠷ ᠎ᠠ ᠰᠡᠳᠬᠢᠯᠭᠡ ᠡᠪᠦᠷᠯᠡᠭᠰᠡᠭᠡᠷ ᠢᠷᠡᠭᠰᠡᠨ ᠴᠢᠯᠠᠭᠤ ᠫᠷᠤᠹᠧᠰᠰᠤᠷ ᠢᠮᠠᠭᠳᠠ ᠲᠠᠯ᠎ᠠ ᠨᠤᠳᠤᠭ ᠤᠨ ᠠᠷᠠᠳ ᠲᠦᠮᠡᠨ ᠦ ᠢᠶᠡᠨ ᠠᠮᠢᠳᠤᠷᠠᠯ ᠳ᠋ᠤ ᠠᠩᠬᠠᠷᠤᠯ ᠢᠶᠠᠨ ᠬᠠᠨᠳᠤᠭᠤᠯᠤᠭᠰᠠᠭᠠᠷ ᠢᠷᠡᠭᠰᠡᠨ ᠶᠤᠮ ᠃ 2001 ᠤᠨ ᠪᠡ 2004 ᠤᠨ ᠳ᠋ᠤ ᠂ ᠲᠡᠷᠡ ᠨᠤᠳᠤᠭ ᠤᠨ ᠢᠶᠠᠨ ᠪᠠᠭ᠎ᠠ ᠰᠤᠷᠭᠠᠭᠤᠯᠢ ᠶᠢᠨ ᠰᠤᠷᠤᠯᠭ᠎ᠠ ᠶᠢᠨ ᠤᠷᠴᠢᠨ ᠲᠤᠭᠤᠷᠢᠨ ᠢ ᠰᠠᠢᠵᠢᠷᠠᠭᠤᠯᠬᠤ ᠶᠢᠨ ᠲᠦᠯᠦᠭᠡ ᠦᠪᠡᠷ ᠦᠨ ᠰᠤᠳᠤᠯᠭᠠᠨ ᠤ ᠱᠠᠩᠨᠠᠯ ᠤᠨ ᠮᠦᠩᠬᠦ ᠪᠡᠨ ᠪᠦᠬᠦᠨ ᠢ ᠨᠢ ᠬᠠᠨᠳᠢᠪᠯᠠᠭᠰᠡᠨ ᠪᠦᠭᠡᠳ ᠪᠡᠭᠡᠵᠢᠩ ᠳ᠋ᠠᠬᠢ ᠮᠤᠩᠭᠤᠯᠴᠤᠳ ᠤᠨ ᠨᠤᠳᠤᠭ ᠨᠢᠭᠡᠳᠡᠨ ᠦ ᠨᠡᠢᠭᠡᠮᠯᠢᠭ ᠢ ᠰᠠᠨᠠᠭᠠᠴᠢᠯᠠᠨ ᠪᠠᠢᠭᠤᠯᠵᠤ ᠂ ᠮᠤᠳᠤ ᠲᠠᠷᠢᠬᠤ ᠂ ᠰᠤᠷᠤᠯᠭ᠎ᠠ ᠶᠢ ᠲᠡᠳᠬᠦᠬᠦ ᠵᠡᠷᠭᠡ ᠤᠯᠠᠨ ᠠᠵᠢᠯᠯᠠᠭ᠎ᠠ ᠦᠷᠨᠢᠭᠦᠯᠦᠭᠰᠡᠨ ᠪᠠᠢᠨ᠎ᠠ ᠃ ᠡᠭᠦᠨ ᠡᠴᠠ ᠭᠠᠳᠠᠨ᠎ᠠ ᠂ ᠲᠡᠷᠡ ᠪᠠᠰᠠ ᠪᠡᠭᠡᠵᠢᠩ ᠦᠨ ᠵᠦᠩ ᠭᠤᠧᠠᠨ ᠼᠦᠨ ᠳ᠋ᠠᠬᠢ ᠲᠡᠭᠡᠳᠦ ᠰᠢᠨ᠎ᠡ ᠮᠡᠷᠭᠡᠵᠢᠯ ᠦᠨ ᠠᠵᠤ ᠠᠬᠤᠢᠯᠠᠯ ᠪᠡ ᠴᠢᠳᠡᠪᠤᠷᠢᠳᠡᠨ ᠢ ᠵᠤᠬᠢᠶᠠᠨ ᠪᠠᠢᠭᠤᠯᠵᠤ ᠦᠪᠦᠷ ᠮᠤᠩᠭᠤᠯ ᠤᠷᠤᠨ ᠳ᠋ᠤ ᠬᠦᠨᠵᠡᠭᠡᠢᠷᠡᠨ ᠪᠠᠢᠴᠠᠭᠠᠨ ᠰᠤᠳᠤᠯᠤᠯᠳᠠ ᠬᠢᠯᠭᠡᠵᠦ ᠂ ᠮᠠᠨ ᠤ ᠤᠷᠤᠨ ᠤ ᠴᠢᠳᠡᠪᠦᠷᠢᠳᠡᠨ ᠢ ᠬᠦᠮᠦᠵᠢᠬᠦᠯᠬᠦ ᠪᠡ ᠮᠡᠷᠭᠡᠵᠢᠯ ᠦᠨ ᠲᠠᠪᠰᠢᠯᠳᠡ ᠶᠢ ᠠᠬᠢᠭᠤᠯᠤᠭᠰᠠᠨ ᠪᠠᠢᠨ᠎ᠠ ᠃

ᠤᠳᠤᠬᠠᠨ ᠪᠤᠯᠳᠠᠯ᠎ᠠ ᠮᠡᠨ ᠦ ᠤᠯᠤᠰ ᠤᠨ ᠬᠢᠯᠢ ᠬᠢᠵᠠᠭᠠᠷ ᠤᠷᠤᠨ ᠳ᠋ᠤ ᠴᠠᠬᠢᠯᠭᠠᠨ ᠨᠡᠪᠳᠡᠷᠡᠬᠡᠳᠦᠢ ᠪᠤᠶᠤ ᠴᠠᠬᠢᠯᠭᠠᠨ ᠤ ᠬᠠᠩᠭᠠᠯᠳᠠ ᠬᠦᠢᠴᠡᠳ ᠦᠭᠡᠢ ᠪᠠᠢᠵᠤ ᠂ ᠭᠠᠵᠠᠷ ᠤᠷᠤᠨ ᠤ ᠬᠦᠭᠵᠢᠯᠳᠡ ᠪᠡ ᠠᠷᠠᠳ ᠤᠨ ᠠᠮᠢᠳᠤᠷᠠᠯ ᠤᠨ ᠬᠢᠷᠢ ᠲᠦᠪᠰᠢᠨ ᠦ ᠲᠡᠭᠡᠭᠰᠢᠯᠡᠯᠳᠡ ᠶᠢ ᠬᠢᠵᠠᠭᠠᠷᠯᠠᠵᠤ ᠪᠤᠢ ᠃ ᠭᠡᠷᠪᠡ ᠡᠳᠡᠭᠡᠷ ᠭᠠᠵᠠᠷ ᠤᠷᠤᠨ ᠳ᠋ᠤ ᠴᠠᠬᠢᠯᠭᠠᠨ ᠲᠤᠤᠷ ᠲᠠᠳᠠᠬᠤ ᠳ᠋ᠤ ᠬᠦᠷᠪᠡᠯ ᠤᠯᠠᠨ ᠮᠡᠷᠭᠡᠵᠢᠯ ᠦᠨ ᠲᠠᠯ᠎ᠠ ᠶᠢᠨ ᠬᠦᠴᠢᠷᠳᠡᠯ ᠲᠡᠢ ᠮᠦᠷᠳᠡᠭᠡᠨ ᠦᠪᠡᠷ ᠦᠨ ᠦᠷᠳᠡᠭ ᠨᠢ ᠭᠡᠳᠦ ᠦᠨᠳᠦᠷ ᠪᠠᠢᠳᠠᠭ ᠂ ᠨᠢᠭᠡ ᠺᠢᠯᠣᠮᠧᠲ᠋ᠷ ᠤᠨ ᠴᠠᠬᠢᠯᠭᠠᠨ ᠲᠤᠤᠷ ᠲᠠᠳᠠᠬᠤ ᠳ᠋ᠤ ᠪᠠᠷᠤᠭ ᠠᠷᠪᠠᠨ ᠲᠦᠮᠠᠨ ᠲᠦᠭᠦᠷᠢᠭ ᠰᠢᠬᠠᠮ ᠪᠡᠯᠡ ᠤᠷᠤᠭᠤᠯᠬᠤ ᠭᠡᠷᠡᠭᠳᠡᠢ ᠃ ᠡᠢᠮᠦ ᠡᠴᠠ ᠡᠳᠡᠭᠡᠷ ᠭᠠᠵᠠᠷ ᠤᠷᠤᠨ ᠤ ᠴᠠᠬᠢᠯᠭᠠᠨ ᠤ ᠬᠠᠩᠭᠠᠯᠳᠠ ᠶᠢᠨ ᠪᠠᠢᠳᠠᠯ ᠢ ᠬᠡᠷᠬᠢᠨ ᠰᠠᠢᠵᠢᠷᠠᠭᠤᠯᠬᠤ ᠨᠢ ᠲᠤᠯᠭᠠᠮ᠎ᠠ ᠴᠢᠬᠤᠯᠠ ᠠᠰᠠᠭᠤᠳᠠᠯ ᠪᠤᠯᠤᠭᠰᠠᠨ ᠪᠠᠢᠨ᠎ᠠ ᠃

2011 ᠤᠨ ᠡᠴᠠ ᠨᠠᠰᠢ ᠂ ᠴᠢᠯᠠᠭᠤ ᠫᠷᠤᠹᠧᠰᠰᠤᠷ ᠰᠢᠨ᠎ᠡ ᠠᠷᠭ᠎ᠠ ᠵᠠᠮ ᠰᠦᠪᠡᠭᠴᠢᠯᠡᠵᠦ ᠂ ᠮᠠᠯᠴᠢᠨ ᠠᠷᠠᠳ ᠤᠨ ᠠᠮᠢᠳᠤᠷᠠᠯ ᠳ᠋ᠤ ᠭᠡᠷᠡᠯ ᠪᠡ ᠢᠯᠴᠢ ᠬᠦᠷᠭᠡᠬᠦ ᠪᠡᠷ ᠵᠤᠷᠢᠵᠤ ᠂ 《ᠪᠢᠴᠢᠯ ᠴᠠᠬᠢᠯᠭᠠᠨ ᠦᠷᠳᠡᠭᠡ 》 ᠬᠡᠬᠦ ᠤᠶᠤᠨᠴᠢ ᠰᠢᠰᠲᠧᠮ ᠤᠨ ᠪᠦᠳᠦᠭᠡᠨ ᠪᠠᠢᠭᠤᠯᠤᠯᠳᠠ ᠳ᠋ᠤ ᠤᠶᠤᠨ ᠴᠢᠳᠠᠯ ᠢᠶᠠᠨ ᠰᠢᠪᠬᠠᠭᠰᠠᠨ ᠪᠠᠢᠨ᠎ᠠ ᠃

ᠴᠢᠯᠠᠭᠤ ᠫᠷᠤᠹᠧᠰᠰᠤᠷ ᠪᠡ ᠲᠡᠭᠦᠨ ᠦ ᠰᠤᠳᠤᠯᠭᠠᠨ ᠤ ᠲᠤᠭᠤᠢᠯᠠᠩ ᠨᠢ ᠬᠤᠶᠠᠷ ᠵᠢᠯ ᠰᠢᠬᠠᠮ ᠤᠨ ᠲᠦᠯᠦᠪᠯᠡᠯᠭᠡ ᠪᠡ ᠲᠤᠷᠰᠢᠯᠳᠠ ᠪᠠᠷ ᠲᠠᠮᠵᠢᠨ ᠂ ᠡᠴᠦᠰ ᠲᠡᠭᠡᠨ 2013 ᠤᠨ ᠳ᠋ᠤ ᠠᠩᠬᠠᠨ ᠤ ᠨᠢᠭᠡ ᠪᠦᠯᠦᠭ ᠪᠢᠴᠢᠯ ᠴᠠᠬᠢᠯᠭᠠᠨ ᠦᠷᠳᠡᠭᠡ ᠶᠢ ᠪᠠᠢᠭᠤᠯᠵᠤ ᠠᠰᠢᠭᠯᠠᠯᠳᠠ ᠳ᠋ᠤ ᠤᠷᠤᠭᠤᠯᠤᠭᠰᠠᠨ ᠪᠠᠢᠨ᠎ᠠ ᠃ ᠪᠢᠴᠢᠯ ᠴᠠᠬᠢᠯᠭᠠᠨ ᠦᠷᠳᠡᠭᠡ ᠨᠢ ᠴᠢᠯᠠᠭᠤ ᠫᠷᠤᠹᠧᠰᠰᠤᠷ ᠤᠨ 《ᠠᠷᠢᠭᠤᠨ ᠴᠡᠪᠡᠷ ᠂ ᠲᠦᠬᠦᠮ ᠲᠦᠳᠡ ᠂ ᠦᠨᠳᠦᠷ ᠠᠰᠢᠭᠯᠠᠮᠵᠢᠳᠠᠢ ᠂ ᠤᠶᠤᠨᠴᠢ ᠴᠢᠳᠠᠪᠬᠢ ᠲᠠᠢ 》 ᠵᠡᠷᠭᠡ ᠰᠢᠨ᠎ᠡ ᠶᠢ ᠡᠭᠦᠳᠬᠦ ᠰᠡᠳᠬᠢᠴᠡ ᠶᠢ ᠢᠯᠡᠷᠡᠬᠦᠯᠵᠦ ᠂ ᠲᠤᠬᠠᠢ ᠶᠢᠨ ᠭᠠᠵᠠᠷ ᠤᠨ ᠪᠠᠢᠭᠠᠯᠢ ᠶᠢᠨ ᠡᠨᠧᠷᠬᠢ ᠵᠢᠱᠢᠶᠡᠯᠡᠪᠡᠯ ᠂ ᠨᠠᠷᠠᠨ ᠤ ᠡᠨᠧᠷᠬᠢ ᠂ ᠰᠠᠯᠬᠢᠨ ᠡᠨᠧᠷᠬᠢ ᠵᠡᠷᠭᠡ ᠴᠡᠪᠡᠷ ᠡᠨᠧᠷᠬᠢ ᠶᠢ ᠬᠠᠳᠠᠭᠠᠯᠠᠨ ᠠᠰᠢᠭᠯᠠᠵᠤ ᠂ ᠠᠳᠠᠯᠢ ᠪᠤᠰᠤ ᠬᠡᠷᠡᠭᠯᠡᠭᠴᠢᠳ ᠦᠨ ᠴᠠᠬᠢᠯᠭᠠᠨ ᠬᠡᠷᠡᠭᠯᠡᠬᠦ ᠱᠠᠭᠠᠷᠳᠠᠯᠭ᠎ᠠ ᠶᠢ ᠬᠠᠩᠭᠠᠭᠰᠠᠨ ᠪᠠᠢᠨ᠎ᠠ ᠃ ᠨᠢᠭᠡ ᠺᠢᠯᠦᠧᠤᠯᠲ ᠤᠨ ᠪᠢᠴᠢᠯ ᠴᠠᠬᠢᠯᠭᠠᠨ ᠦᠷᠳᠡᠭᠡ ᠨᠢ ᠦᠨᠳᠦᠰᠦᠨ ᠳ᠋ᠡᠭᠡᠨ ᠨᠢᠭᠡ ᠮᠠᠯᠴᠢᠨ ᠠᠢᠯ ᠤᠨ ᠭᠡᠷᠡᠯᠳᠦᠭᠦᠯᠭᠡ ᠂ ᠲᠧᠯᠸᠢᠰ ᠦᠵᠡᠬᠦ ᠵᠡᠷᠭᠡ ᠡᠳᠦᠷ ᠲᠤᠳᠤᠮ ᠤᠨ ᠬᠡᠷᠡᠭᠴᠡᠭᠡ ᠶᠢ ᠬᠠᠩᠭᠠᠵᠤ ᠲᠡᠢᠯᠵᠦ ᠂ ᠲᠠᠪᠤᠨ ᠺᠢᠯᠦᠧᠤᠯᠲ ᠤᠨ ᠪᠢᠴᠢᠯ ᠴᠠᠬᠢᠯᠭᠠᠨ ᠦᠷᠳᠡᠭᠡ ᠨᠢ ᠨᠢᠭᠡ ᠡᠷᠦᠭᠡ ᠶᠢᠨ ᠪᠤᠷᠳᠤᠭ᠎ᠠ ᠬᠡᠮᠬᠡᠯᠡᠬᠦ ᠮᠠᠰᠢᠨ ᠂ ᠤᠰᠤ ᠲᠠᠳᠠᠬᠤ ᠮᠠᠰᠢᠨ ᠵᠡᠷᠭᠡ ᠦᠢᠯᠡᠳᠪᠦᠷᠢᠯᠡᠯ ᠦᠨ ᠭᠡᠷᠡᠭᠰᠡᠯ ᠳ᠋ᠤ ᠴᠠᠬᠢᠯᠭᠠᠨ ᠬᠠᠩᠭᠠᠵᠤ ᠲᠡᠢᠯᠳᠡᠭ ᠃ ᠡᠳᠡᠭᠡᠷ ᠪᠢᠴᠢᠯ ᠴᠠᠬᠢᠯᠭᠠᠨ ᠤ ᠦᠷᠳᠡᠭᠡ ᠨᠢ ᠪᠠᠢᠭᠠᠯᠢ ᠶᠢᠨ ᠡᠨᠧᠷᠬᠢ ᠶᠢ ᠠᠰᠢᠭᠯᠠᠵᠤ ᠮᠠᠯᠴᠢᠳ ᠤᠨ ᠠᠮᠢᠳᠤᠷᠠᠯ ᠪᠡ ᠦᠢᠯᠡᠳᠪᠦᠷᠢᠯᠡᠯ ᠳ᠋ᠠᠬᠢ ᠴᠠᠬᠢᠯᠭᠠᠨ ᠤ ᠬᠡᠷᠡᠭᠴᠡᠭᠡ ᠶᠢ ᠦᠨᠳᠦᠰᠦᠨ ᠳ᠋ᠡᠭᠡᠨ ᠬᠠᠩᠭᠠᠵᠤ ᠂ ᠴᠠᠬᠢᠯᠭᠠᠨ ᠲᠤᠳᠠᠭᠳᠠᠬᠤ ᠪᠠᠢᠳᠠᠯ ᠢ ᠵᠤᠬᠢᠬᠤ ᠭᠡᠮᠵᠢᠶᠠᠨ ᠳ᠋ᠤ ᠰᠠᠢᠵᠢᠷᠠᠭᠤᠯᠤᠭᠰᠠᠨ ᠮᠦᠷᠳᠡᠭᠡᠨ ᠤᠷᠴᠢᠨ ᠲᠤᠭᠤᠷᠢᠨ ᠳ᠋ᠤ ᠪᠤᠬᠢᠷᠳᠦᠯ ᠦᠭᠡᠢ ᠰᠢᠨ᠎ᠡ ᠡᠨᠧᠷᠬᠢ ᠶᠢᠨ ᠦᠢᠯᠡᠳᠭᠦᠨ ᠦ ᠪᠤᠳᠠᠳᠤ ᠵᠢᠱᠢᠶ ᠎ᠡ ᠪᠤᠯᠵᠠᠢ ᠃ ᠴᠢᠯᠠᠭᠤ ᠫᠷᠤᠹᠧᠰᠰᠤᠷ ᠄ 《ᠪᠢᠳᠠ ᠤᠳᠤᠬᠠᠨ ᠳ᠋ᠤ ᠨᠢᠭᠡ ᠠᠢᠯ ᠨᠢᠭᠡ ᠡᠷᠦᠭᠡ ᠶᠢᠨ ᠴᠠᠬᠢᠯᠭᠠᠨ ᠤ ᠬᠡᠷᠡᠭᠴᠡᠭᠡ ᠶᠢ ᠬᠠᠩᠭᠠᠵᠤ ᠴᠢᠳᠠᠭᠰᠠᠨ ᠂ ᠲᠠᠷᠠᠭᠠᠴᠢ ᠪᠠᠷ ᠪᠦᠬᠦ ᠲᠡᠯᠡᠬᠡᠢ ᠶᠢᠨ ᠴᠠᠬᠢᠯᠭᠠᠨ ᠡᠨᠧᠷᠬᠢ ᠬᠠᠳᠠᠭᠠᠯᠠᠭᠳᠠᠬᠤ ᠠᠰᠠᠭᠤᠳᠠᠯ ᠳ᠋ᠤ ᠴᠢᠭᠯᠡᠬᠦᠯᠵᠤ ᠰᠤᠳᠤᠯᠭᠠᠨ ᠢᠶᠠᠨ ᠦᠷᠭᠦᠯᠵᠢᠯᠡᠭᠦᠯᠦᠨ᠎ᠡ ᠂ ᠡᠭᠦᠨ ᠦ ᠤᠯᠠᠮ ᠡᠴᠠ ᠪᠦᠬᠦ ᠲᠡᠯᠡᠬᠡᠢ ᠶᠢᠨ ᠡᠨᠧᠷᠬᠢ ᠶᠢᠨ ᠠᠰᠠᠭᠤᠳᠠᠯ ᠂ ᠤᠷᠴᠢᠨ ᠲᠤᠭᠤᠷᠢᠨ ᠤ ᠠᠰᠠᠭᠤᠳᠠᠯ ᠂ ᠡᠬᠢ ᠪᠡᠶᠠᠯᠢᠭ ᠤᠨ ᠠᠰᠠᠭᠤᠳᠠᠯ ᠢ ᠰᠢᠳᠪᠦᠷᠢᠯᠡᠬᠦ ᠪᠡᠷ ᠴᠢᠷᠮᠠᠢᠵᠤ ᠪᠠᠢᠨ᠎ᠠ 》 ᠬᠡᠵᠦ ᠬᠤᠢᠰᠢᠳᠠ ᠶᠢᠨ ᠲᠦᠰᠦᠪ ᠲᠦᠯᠦᠪᠯᠡᠭᠡ ᠪᠡᠨ ᠶᠠᠷᠢᠵᠤ ᠪᠠᠢᠯ᠎ᠠ

᠃ ᠰᠢᠷᠭᠠᠭᠤ ᠬᠠᠳᠠᠭᠤᠵᠢᠯᠳᠠᠢ ᠡᠭᠦᠳᠦᠨ ᠪᠦᠳᠦᠭᠡᠯᠳᠡ ᠶᠢᠨ ᠵᠠᠮ

ᠴᠢᠯᠠᠭᠤ ᠫᠷᠤᠹᠧᠰᠰᠤᠷ ᠬᠢᠭᠡᠳ ᠲᠡᠭᠦᠨ ᠦ ᠰᠤᠳᠤᠯᠭᠠᠨ ᠤ ᠲᠤᠭᠤᠢᠯᠠᠩ 2008 ᠣᠨ ᠤ ᠪᠡᠭᠡᠵᠢᠩ ᠦᠨ ᠣᠯᠢᠮᠫᠢᠺ ᠤᠨ ᠲᠠᠮᠢᠷ ᠤᠨ ᠴᠤᠭᠯᠠᠭᠠᠨ ᠂ 2010 ᠤᠨ ᠤ ᠱᠠᠩᠬᠠᠢ ᠶᠢᠨ ᠲᠡᠯᠡᠬᠡᠢ ᠶᠢᠨ ᠦᠵᠡᠰᠭᠦᠯᠡᠩ ᠦᠨ ᠴᠠᠬᠢᠯᠭᠠᠨ ᠬᠦᠳᠡᠯᠭᠡᠭᠦᠷᠲᠣ ᠮᠠᠰᠢᠨ ᠲᠡᠷᠭᠡᠨ ᠳ᠋ᠤ ᠬᠡᠷᠡᠭᠯᠡᠬᠦ ᠬᠦᠳᠡᠯᠭᠡᠭᠴᠢ ᠬᠦᠴᠦᠨ ᠦ ᠴᠠᠬᠢᠯᠭᠠᠨ ᠵᠠᠢ ᠶᠢᠨ ᠲᠦᠰᠦᠯ ᠢ ᠬᠠᠷᠢᠭᠤᠴᠠᠨ ᠭᠦᠢᠴᠡᠳᠭᠡᠵᠠᠢ ᠃ ᠲᠡᠷᠨ ᠪᠠᠰᠠ ᠤᠯᠤᠰ ᠤᠨ 《ᠠᠷᠪᠠᠨ ᠨᠢᠭᠡᠳᠦᠭᠡᠷ ᠲᠠᠪᠣᠨ ᠵᠢᠯ ᠤᠨ ᠲᠦᠯᠦᠪᠵᠢᠬᠦᠯᠭᠡ 》 ᠶᠢᠨ 863 ᠴᠠᠬᠢᠯᠭᠠᠨ ᠬᠦᠳᠡᠯᠭᠡᠭᠦᠷᠲᠣ ᠮᠠᠰᠢᠨ ᠲᠡᠷᠭᠡᠨ ᠦ ᠬᠦᠳᠡᠯᠭᠡᠭᠴᠢ ᠬᠦᠴᠦᠨ ᠦ ᠯᠢᠲ᠋ᠢ ᠶᠢᠨ ᠴᠠᠬᠢᠯᠭᠠᠨ ᠵᠠᠢ ᠶᠢᠨ ᠲᠦᠰᠦᠯ ᠢ ᠬᠠᠷᠢᠭᠤᠴᠠᠭᠰᠠᠨ ᠪᠦᠭᠡᠳ ᠰᠤᠳᠤᠯᠭᠠᠨ ᠤ ᠦᠷ᠎ᠡ ᠪᠦᠳᠦᠮᠵᠢ ᠨᠢ ᠤᠯᠤᠰ ᠤᠷᠤᠨ ᠲᠡᠯᠡᠬᠡᠢ ᠨᠡᠢᠳᠡ ᠶᠢᠨ ᠦᠨᠳᠦᠷ ᠦᠨᠡᠯᠡᠯᠳᠡ ᠶᠢ ᠤᠯᠤᠭᠰᠠᠭᠠᠷ ᠢᠷᠡᠵᠡᠢ ᠃

2016 ᠤᠨ ᠤ 10 ᠰᠠᠷ᠎ᠠ ᠶᠢᠨ 18 ᠤ ᠤᠷᠤᠢ ᠂ ᠡᠺᠦᠧᠠᠳᠣᠷ ᠤᠯᠤᠰ ᠤᠨ ᠨᠡᠢᠰᠯᠡᠯ ᠺᠢᠲᠣ᠋ ᠬᠤᠲᠠ ᠳ᠋ᠤ ᠶᠠᠪᠤᠭᠳᠠᠭᠰᠠᠨ 《ᠦᠷᠬᠦᠯᠵᠢᠯᠡᠨ ᠬᠦᠭᠵᠢᠬᠦ ᠬᠤᠲᠠ ᠨᠤᠭᠤᠳ ᠬᠢᠭᠡᠳ ᠬᠦᠮᠦᠨ ᠲᠦᠷᠦᠯᠬᠢᠳᠡᠨ ᠤᠷᠤᠰᠢᠨ ᠠᠮᠢᠳᠣᠷᠠᠬᠤ ᠪᠠᠢᠭᠠᠯᠢ ᠣᠷᠴᠢᠨ ᠤ ᠱᠠᠩᠨᠠᠯ 》 ᠭᠠᠷᠳᠠᠭᠤᠯᠬᠤ ᠶᠤᠰᠤᠯᠠᠯ ᠲᠡᠭᠡᠷ ᠎ᠡ ᠂ ᠴᠢᠯᠠᠭᠤ ᠫᠷᠤᠹᠧᠰᠰᠤᠷ ᠯᠢᠲ᠋ᠢ ᠶᠢᠨ ᠴᠠᠬᠢᠯᠭᠠᠨ ᠵᠠᠢ ᠶᠢᠨ ᠰᠤᠳᠤᠯᠤᠯ ᠢᠶᠠᠷ ᠢᠶᠠᠨ ᠪᠤᠬᠢᠷᠳᠤᠯ  ᠦᠭᠡᠢ ᠰᠢᠨ᠎ᠡ ᠡᠨᠧᠷᠬᠢ ᠶᠢᠨ ᠭᠦᠷᠢᠶᠡᠨ ᠳ᠋ᠤ ᠦᠵᠡᠭᠦᠯᠦᠭᠰᠡᠨ ᠬᠤᠪᠢ ᠨᠡᠮᠡᠷᠢ ᠪᠡᠷ ᠪᠡᠨ 《ᠪᠦᠮᠪᠦᠷᠴᠡᠭ ᠦᠨ ᠬᠦᠮᠦᠨ ᠲᠦᠷᠦᠯᠬᠢᠳᠡᠨ ᠤᠷᠤᠰᠢᠨ ᠠᠮᠢᠳᠣᠷᠠᠬᠤ ᠪᠠᠢᠭᠠᠯᠢ ᠤᠷᠴᠢᠨ ᠳ᠋ᠤ ᠭᠠᠷᠮᠠᠭᠠᠢ ᠬᠤᠪᠢ ᠨᠡᠮᠡᠷᠢ ᠦᠵᠡᠬᠦᠯᠦᠭᠰᠡᠨ ᠱᠠᠩᠨᠠᠯ 》 ᠢ ᠲᠤᠰᠴᠠᠢ ᠃

《ᠯᠢᠲ᠋ᠢ ᠶᠢᠨ ᠴᠠᠬᠢᠯᠭᠠᠨ ᠵᠠᠢ ᠳ᠋ᠤ ᠮᠦᠨ ᠴᠦᠭᠡᠨ ᠪᠤᠰᠤ ᠠᠰᠠᠭᠤᠳᠠᠯ ᠤᠷᠤᠰᠢᠵᠤ ᠪᠤᠢ ᠂ ᠡᠨᠡ ᠪᠤᠯ ᠲᠡᠯᠡᠬᠡᠢ ᠶᠢᠨ ᠴᠢᠨᠠᠷᠳᠠᠢ ᠬᠦᠴᠢᠷ ᠠᠰᠠᠭᠤᠳᠠᠯ ᠮᠦᠨ ᠃ ᠭᠡᠳᠦᠢᠪᠡᠷ ᠵᠠᠮ ᠬᠤᠯᠠ ᠬᠠᠷᠰᠢ ᠰᠠᠭᠠᠳ ᠤᠯᠠᠨ ᠪᠤᠯᠪᠠᠴᠤ ᠴᠠᠬᠢᠯᠭᠠᠨ ᠬᠦᠳᠡᠯᠭᠡᠭᠦᠷᠳᠦ ᠲᠡᠷᠭᠡ ᠶᠢᠨ ᠠᠵᠤ ᠦᠢᠯᠡᠳᠪᠦᠷᠢᠯᠡᠯ ᠢ ᠬᠦᠭᠵᠢᠭᠦᠯᠬᠦ ᠨᠢ ᠮᠡᠨ ᠦ ᠤᠯᠤᠰ ᠲᠡᠷᠡᠴᠢᠯᠡᠨ ᠪᠦᠬᠦ ᠲᠡᠯᠡᠬᠡᠢ ᠶᠢᠨ ᠬᠠᠨᠳᠤᠰᠢ ᠮᠦᠨ ᠃ ᠡᠨᠧᠷᠬᠢ ᠠᠷᠪᠢᠯᠠᠬᠤ ᠪᠡ ᠰᠢᠨ᠎ᠡ ᠡᠨᠧᠷᠬᠢ ᠶᠢ ᠬᠦᠭᠵᠢᠬᠦᠯᠬᠦ ᠶᠡᠭᠡ ᠭᠦᠭᠵᠢᠯᠳᠡ ᠶᠢᠨ ᠴᠢᠭᠯᠡᠯᠳᠡ ᠨᠢ ᠮᠠᠨ ᠤ ᠦᠢᠯᠡᠰ ᠪᠦᠳᠦᠭᠡᠵᠦ ᠰᠢᠨ᠎ᠡ ᠶᠢ ᠡᠭᠦᠳᠬᠦ ᠶᠢᠨ ᠦᠨᠳᠦᠰᠦᠨ ᠤᠷᠢᠳᠠᠯ ᠪᠤᠯᠤᠨ᠎ᠠ 》 ᠭᠡᠵᠦ ᠴᠢᠯᠠᠭᠤ ᠫᠷᠤᠹᠧᠰᠰᠤᠷ ᠬᠡᠯᠡᠵᠦ ᠪᠠᠢᠯ᠎ᠠ ᠃ (ᠰᠥᠯᠵᠢᠶ᠎ᠠ ᠡᠴᠠ ᠤᠷᠴᠢᠭᠤᠯᠤᠨ ᠠᠪᠤᠪᠠ )

ᠢᠷᠡᠯᠲᠡ ᠄ ᠦᠪᠦᠷ ᠮᠣᠩᠭᠣᠯ ᠤᠨ ᠡᠳᠦᠷ ᠦᠨ ᠰᠣᠨᠢᠨ

Posted in ᠵᠤᠴᠢᠨ ᠬᠤᠢ᠌ᠮᠤᠷ| 每日嘉宾 and tagged .