ᠪᠧᠭᠽᠨ ᠲᠤᠯᠢᠶᠠᠳᠤ ᠪᠦᠭᠡ ᠶᠢᠨ ᠠᠯᠳᠠᠷ ᠲᠠᠭᠤᠤ ᠲᠠᠢ ᠲᠤᠮᠤᠬ ᠲᠠᠢ ᠲᠠᠭᠤᠷᠢᠰᠤᠨ᠎ᠠ 博格泽:一生献给搏克事业

 

ᠪᠧᠭᠽᠨ ᠲᠤᠯᠢᠶᠠᠳᠤ ᠪᠦᠭᠡ ᠶᠢᠨ ᠠᠯᠳᠠᠷ ᠲᠠᠭᠤᠤ ᠲᠠᠢ ᠲᠤᠮᠤᠬ ᠲᠠᠢ ᠲᠠᠭᠤᠷᠢᠰᠤᠨ᠎ᠠ

ᠪᠦᠭᠡ ᠶᠢᠨ ᠮᠡᠷᠭᠡᠵᠢᠯ ᠢᠶᠡᠷ ᠢᠶᠡᠨ ᠤᠯᠠᠮᠵᠢᠯᠠᠭᠴᠢ ᠠᠯᠳᠠᠷ ᠡᠷᠬᠦᠬᠦ ᠭᠡᠵᠦ ᠪᠦᠭᠡᠴᠢᠨ ᠬᠦᠮᠦᠨ ᠳ᠋ᠤ ᠠᠪᠴᠤ ᠬᠡᠯᠡᠪᠡᠯ ᠱᠠᠩᠨᠠᠯ ᠤᠨ ᠲᠠᠢᠰᠠᠨ ᠳ᠋ᠤ ᠵᠤᠭᠰᠤᠬᠤ ᠡᠴᠠ ᠲᠠᠳᠠᠭᠤ  ᠦᠭᠡᠢ ᠤᠮᠤᠭᠰᠢᠯ ᠪᠤᠯᠬᠤ ᠨᠢ ᠶᠠᠷᠢᠶᠠᠨ  ᠦᠭᠡᠢ ᠃ ᠰᠤᠷᠭᠠᠭᠤᠯᠢ ᠶᠢᠨ ᠬᠦᠷᠢᠶᠠᠨ ᠳ᠋ᠤ ᠪᠠᠢᠬᠤ ᠳ᠋ᠠᠭᠠᠨ ᠪᠦᠭᠡ ᠶᠢᠨ ᠠᠪᠢᠶᠠᠰ ᠢᠶᠠᠨ ᠲᠤᠳᠤᠷᠠᠭᠤᠯᠤᠨ ᠲᠤᠰᠬᠠᠢ ᠮᠡᠷᠭᠡᠵᠢᠯ ᠦᠨ ᠲᠠᠮᠢᠷᠴᠢᠨ ᠪᠤᠯᠵᠦ ᠂ ᠨᠠᠰᠤᠨ ᠲᠤᠷᠰᠢ ᠪᠦᠭᠡ ᠶᠢᠨ ᠮᠡᠷᠭᠡᠵᠢᠯ ᠦᠨ ᠬᠦᠷᠢᠶᠠᠨ ᠳ᠋ᠤ ᠦᠪᠡᠷ ᠦᠨ ᠢᠶᠡᠨ ᠲᠠᠷᠬᠠᠨ ᠬᠠᠷᠢᠭᠤᠴᠠᠯᠭ᠎ᠠ ᠶᠢ ᠭᠦᠢᠴᠡᠳᠭᠡᠵᠦ ᠶᠠᠪᠤᠭᠰᠠᠨ ᠪᠧᠭᠽᠠ ᠨᠠᠰᠤᠳᠠᠨ ᠨᠠᠶᠠᠨ ᠨᠠᠰᠤᠨ ᠤ  ᠪᠠᠨ ᠭᠠᠷᠤᠭᠠᠨ ᠳ᠋ᠤ ᠦᠪᠡᠷᠳᠡᠭᠡᠨ ᠵᠠᠰᠠᠬᠤ ᠤᠷᠤᠨ ᠤ ᠲᠡᠰ ᠦᠨ ᠪᠤᠳᠠᠰ ᠤᠨ ᠪᠤᠰᠤ ᠰᠤᠶᠤᠯ ᠤᠨ ᠦᠪ ᠦᠨ ᠲᠤᠯᠢᠶᠠᠳᠤ ᠪᠦᠭᠡ ᠶᠢᠨ ᠲᠦᠷᠦᠯ ᠵᠦᠢᠯ ᠦᠨ ᠤᠯᠠᠮᠵᠢᠯᠠᠭᠴᠢ ᠪᠤᠯᠵᠠᠢ ᠃ ᠲᠤᠯᠢᠶᠠᠳᠤ ᠪᠦᠭᠡ ᠶᠢ ᠨᠠᠰᠤᠳᠠᠨ ᠲᠠᠭᠤᠤ ᠲᠠᠢ ᠲᠤᠮᠤᠭ ᠲᠠᠢ ᠨᠢ ᠂ ᠦᠴᠦᠭᠡᠳᠦᠷ ᠲᠡᠢ ᠦᠨᠤᠳᠤᠷ ᠲᠠᠢ ᠨᠢ ᠨᠤᠮ ᠤᠷᠪᠠᠭᠤᠯᠵᠦ ᠶᠠᠷᠢᠬᠤ ᠰᠢᠤᠬᠠᠨ ᠲᠤᠳᠤ ᠪᠦᠷᠢᠨ ᠮᠡᠳᠡᠨ᠎ᠠ ᠃
  ᠰᠢᠨ᠎ᠠ ᠪᠠᠷᠭᠤ ᠵᠡᠭᠦᠨ ᠬᠤᠰᠢᠭᠤᠨ ᠤ ᠲᠦᠪ ᠠᠮᠤᠭᠤᠯᠠᠡᠭ ᠪᠠᠯᠭᠠᠰᠤᠨ ᠤ ᠨᠢᠭᠡᠨ ᠰᠠᠭᠤᠭᠠᠯᠢ ᠠᠷᠠᠳ ᠤᠨ ᠲᠤᠭᠤᠷᠢᠭ ᠲᠤ ᠨᠠᠶᠠᠠ ᠬᠤᠶᠠᠷᠳᠠᠢ ᠪᠧᠭᠽᠠ ᠨᠠᠰᠤᠳᠠᠨ ᠲᠤᠯᠢᠶᠠᠳᠤ ᠪᠦᠭᠡ ᠶᠢᠨ ᠲᠤᠬᠠᠢ ᠬᠠᠭᠤᠴᠢ ᠵᠤᠭᠤᠭ ᠤᠳ ᠢ ᠪᠢᠳᠠᠨ ᠲᠠᠢ ᠬᠤᠪᠢᠶᠠᠯᠴᠠᠪᠠ ᠃ ᠠᠵᠢᠯ ᠦᠢᠯᠡᠰ ᠢᠶᠡᠨ ᠲᠡᠭᠡᠳᠦᠯᠡᠵᠦ ᠶᠠᠪᠤᠬᠤ ᠨᠢ ᠬᠦᠮᠦᠨ ᠦ ᠨᠢᠭᠡᠨ ᠡᠷᠬᠢᠮ ᠴᠢᠨᠠᠷ ᠪᠤᠯ ᠬᠢᠭᠰᠡᠨ ᠦᠢᠯᠡᠰ ᠢᠶᠡᠨ ᠬᠠᠢᠷᠠᠯᠠᠵᠦ ᠶᠠᠪᠤᠬᠤ ᠨᠢ ᠬᠦᠮᠦᠨ ᠦ ᠨᠢᠭᠡᠨ ᠢᠳᠡᠭᠡᠯ ᠪᠢᠰᠢᠷᠠᠯ ᠪᠠᠢᠵᠦ ᠲᠠᠭᠠᠷᠠᠬᠤ ᠶᠤᠮ ᠃ ᠪᠧᠭᠽᠡ ᠨᠠᠰᠤᠳᠠᠨ ᠬᠢᠭᠡᠳ ᠪᠠᠷᠭᠤ ᠶᠢᠨ ᠲᠤᠯᠢᠶᠠᠳᠤ ᠪᠦᠭᠡ ᠶᠢᠨ ᠬᠤᠭᠤᠷᠤᠨᠳᠤ ᠡᠢᠮᠦ ᠨᠢᠭᠡᠨ ᠰᠡᠳᠭᠢᠯ ᠦᠨ ᠬᠤᠯᠪᠤᠭᠠᠰᠤ ᠲᠠᠢ ᠪᠠᠢᠬᠤ ᠶᠢ ᠨᠠᠰᠤᠳᠠᠨ ᠤ ᠭᠡᠷ ᠲᠡᠭᠡᠨ ᠲᠠᠯᠪᠢᠭᠰᠠᠨ ᠡᠳ᠋ᠯᠡᠯ ᠬᠡᠷᠡᠭᠰᠡᠯ ᠂ ᠦᠭᠡ ᠶᠠᠷᠢᠶ᠎ᠠ ᠶᠠᠭᠤ ᠪᠦᠭᠦᠨ ᠨᠢ ᠰᠢᠪᠡᠨᠡᠨ᠎ᠠ ᠃
  《ᠲᠤᠯᠢᠶ᠎ᠠ ᠪᠤᠯ ᠬᠦᠯ ᠳ᠋ᠤ ᠪᠡᠬᠢᠯᠡᠯ ᠪᠤᠯᠵᠦ ᠪᠦᠭᠡ ᠪᠠᠷᠢᠯᠳᠤᠬᠤ ᠲᠤᠮᠳᠠ ᠰᠠᠨᠠᠮᠰᠠᠷ  ᠦᠭᠡᠢ ᠬᠡᠮᠳᠦᠭᠦ ᠡᠴᠠ ᠰᠡᠷᠭᠡᠢᠯᠡᠭᠦ ᠦᠢᠯᠡᠳᠤᠯ ᠲᠠᠢ ᠃ ᠲᠤᠯᠢᠶ᠎ᠠ ᠲᠠᠢ ᠪᠦᠭᠡᠴᠢᠨ ᠵᠤᠭᠰᠤᠴᠠ ᠨᠢ ᠪᠠᠳᠤ ᠯᠠᠪᠳᠠᠭᠤᠨ ᠪᠤᠯᠳᠠᠬ ᠪᠦᠭᠡᠳ ᠬᠦᠯ ᠦᠨ ᠡᠷᠳᠡᠮ ᠢᠶᠡᠨ ᠭᠦᠢᠴᠡᠳ ᠭᠠᠷᠭᠠᠵᠦ ᠲᠠᠢᠯᠤᠨ᠎ᠠ ᠃ ᠲᠤᠯᠢᠶ᠎ᠠ ᠪᠤᠯ ᠪᠦᠭᠡᠴᠤᠳ ᠤᠨ ᠪᠢᠷ᠎ᠠ ᠴᠢᠳᠠᠯ ᠢᠶᠠᠨ ᠦᠵᠡᠭᠦᠯᠭᠦ ᠳ᠋ᠤ ᠲᠤᠬᠢᠷᠠᠭᠰᠠᠨ ᠮᠠᠰᠢ ᠴᠢᠬᠤᠯᠠ ᠲᠡᠮᠡᠴᠡᠭᠡᠨ ᠦ ᠵᠠᠰᠠᠯ ᠴᠢᠮᠡᠭ ᠮᠦᠨ ᠃ ᠪᠠᠷᠭᠤ ᠪᠦᠭᠡ ᠶᠢᠨ ᠤᠯᠠᠮᠵᠢᠯᠠᠯᠳᠤ ᠲᠦᠷᠪᠡᠨ ᠮᠦᠴᠢ ᠶᠢᠨ ᠲᠦᠷᠭᠡᠨ ᠬᠦᠳᠡᠯᠭᠡᠭᠡᠨᠳᠤ ᠪᠠᠷᠢᠯᠳᠤᠭᠠᠨ ᠤ ᠦᠪᠡᠷᠮᠢᠴᠡ ᠤᠨᠴᠠᠯᠢᠭ ᠲᠤ ᠲᠤᠬᠢᠷᠠᠵᠦ ᠂ ᠡᠷᠳᠡᠨ ᠦ ᠪᠤᠯᠪᠠᠰᠤᠨ ᠰᠤᠶᠤᠯ ᠢ ᠬᠠᠳᠠᠭᠠᠯᠠᠵᠦ ᠂ ᠠᠪᠤᠷᠭᠤ ᠰᠦᠷᠳᠤ ᠠᠮᠢᠳᠠᠨ ᠰᠢᠬ ᠰᠦᠷ ᠬᠦᠴᠦᠳᠠᠢ ᠭᠡᠳᠡᠭ ᠢᠶᠡᠨ ᠢᠯᠡᠳᠭᠡᠭᠰᠡᠨ ᠪᠦᠭᠡ ᠶᠢᠨ ᠰᠦᠷ ᠰᠦᠯᠳᠠ ᠶᠤᠮ 》 ᠭᠡᠵᠦ ᠪᠧᠭᠽᠠ ᠨᠠᠰᠤᠳᠠᠨ ᠲᠤᠯᠢᠶᠠᠳᠤ ᠪᠦᠭᠡ ᠶᠢᠨ ᠦᠨ᠎ᠠ ᠦᠷᠳᠡᠭ ᠬᠢᠭᠡᠳ ᠠᠴᠢ ᠬᠤᠯᠪᠤᠭᠳᠠᠯ ᠢ ᠵᠤᠷᠪᠤᠰᠯᠠᠵᠦ ᠶᠠᠷᠢᠨ᠎ᠠ ᠃
  ᠤᠢᠷ᠎ᠠ ᠶᠢᠨ ᠵᠢᠯ ᠳ᠋ᠤ ᠂ ᠬᠦᠯᠦᠨ ᠪᠤᠢᠷ ᠬᠤᠳᠠ ᠶᠢᠨ ᠵᠠᠰᠠᠬ ᠤᠨ ᠤᠷᠳᠤᠨ ᠡᠴᠠ《ᠬᠦᠭᠦᠯᠡ ᠬᠤᠨᠳᠠᠭᠠᠳᠤ 》ᠲᠤᠯᠢᠶᠠᠳᠤ ᠪᠦᠭᠡ ᠶᠢᠨ ᠤᠷᠤᠯᠳᠤᠭᠠᠨ ᠦᠷᠨᠢᠭᠦᠯᠵᠦ ᠂ ᠪᠠᠷᠭᠤ ᠨᠤᠳᠤᠬ ᠤᠨ ᠨᠡᠷᠡᠳᠤ ᠲᠡᠮᠳᠡᠭ ᠪᠤᠯᠤᠭᠰᠠᠨ ᠤᠯᠠᠮᠵᠢᠯᠠᠯᠳᠤ ᠰᠤᠶᠤᠯ ᠢ ᠬᠦᠭᠵᠢᠭᠦᠯᠵᠦ ᠲᠡᠯᠭᠡᠷᠡᠭᠦᠯᠭᠦ ᠶᠢ ᠤᠷᠮᠠᠰᠢᠭᠤᠯᠵᠦ ᠲᠡᠳᠭᠦᠵᠦ ᠪᠤᠢ ᠃
  ᠡᠳᠡᠭᠡᠷ ᠤᠷᠤᠯᠳᠤᠭᠠᠨ ᠢᠶᠠᠷ ᠤᠷᠢᠭᠳᠠᠵᠦ ᠶᠠᠪᠤᠬᠤ ᠳ᠋ᠠᠭᠠᠨ ᠪᠧᠭᠽᠠ ᠨᠠᠰᠤᠳᠠᠨ ᠦᠪᠡᠷ ᠢᠶᠡᠨ ᠶᠠᠭᠤ ᠨᠢᠭᠡ ᠶᠢ ᠬᠢᠭᠦ ᠲᠤᠬᠠᠢ ᠰᠡᠳᠭᠢᠵᠦ ᠵᠢᠳᠭᠦᠭᠰᠡᠭᠡᠷ ᠢᠷᠡᠵᠠᠢ ᠃
     ᠢᠷᠡᠯᠳᠡ᠄ ᠠᠷᠠᠳ ᠤᠨ ᠰᠦᠯᠵᠢᠶ᠎ᠡ

Posted in ᠵᠤᠴᠢᠨ ᠬᠤᠢ᠌ᠮᠤᠷ| 每日嘉宾 and tagged .