ᠴᠢᠯᠠᠭᠤᠨᠪᠠᠭᠠᠳᠤᠷ ᠤᠨ《ᠪᠢ ᠲᠠᠯ᠎ᠠ ᠨᠤᠲᠤᠭ ᠤᠨ ᠬᠦᠪᠡᠭᠦᠨ》ᠭᠤᠤᠯ ᠰᠡᠳᠦᠪᠳᠤ ·巴特尔“我从草原来”为主题的书法展在京举行

ᠴᠢᠯᠠᠭᠤᠨᠪᠠᠭᠠᠳᠤᠷ ᠤᠨ《ᠪᠢ ᠲᠠᠯ᠎ᠠ ᠨᠤᠲᠤᠭ ᠤᠨ ᠬᠦᠪᠡᠭᠦᠨ》ᠭᠤᠤᠯ ᠰᠡᠳᠦᠪᠳᠤ ᠤᠷᠠᠨ ᠪᠢᠴᠢᠯᠭᠡ ᠶᠢᠨ ᠦᠵᠡᠰᠭᠦᠯᠡᠩ ᠪᠡᠭᠡᠵᠢᠩ ᠳᠦ ᠪᠤᠯᠪᠠ

11 ᠰᠠᠷ᠎ᠠ ᠶᠢᠨ 27 ᠤ ᠡᠳᠦᠷ᠂ ᠲᠦᠪ ᠦᠨ ᠦᠨᠳᠦᠰᠦᠲᠡᠨ ᠦ ᠶᠡᠭᠡ ᠰᠤᠷᠭᠠᠭᠤᠯᠢ ᠶᠢᠨ ᠵᠦᠩ ᠾᠦᠢ ᠠᠰᠠᠷ ᠲᠤ ᠮᠤᠩᠭᠤᠯ ᠤᠷᠠᠨ ᠪᠢᠴᠢᠯᠭᠡᠳᠡᠨ ᠴᠢᠯᠠᠭᠤᠨᠪᠠᠭᠠᠳᠤᠷ ᠤᠨ 《ᠪᠢ ᠲᠠᠯ᠎ᠠ ᠨᠤᠲᠤᠭ ᠤᠨ ᠬᠦᠪᠡᠭᠦᠨ》ᠭᠡᠬᠦ ᠤᠷᠠᠨ ᠪᠢᠴᠢᠯᠭᠡ ᠶᠢᠨ ᠭᠤᠤᠯ ᠰᠡᠳᠦᠪᠳᠤ ᠦᠵᠡᠰᠭᠦᠯᠡᠩ ᠶᠠᠪᠤᠭᠳᠠᠯ᠎ᠠ᠃ ᠦᠵᠡᠰᠭᠦᠯᠡᠩ ᠳᠦ ᠬᠡᠳᠦᠨ ᠵᠠᠭᠤᠨ ᠦᠵᠡᠭᠴᠢ ᠴᠤᠭᠯᠠᠷᠠᠵᠠᠢ᠃ ᠬᠠᠨᠠᠭᠠᠷ ᠴᠡᠭᠡᠵᠢ᠂ ᠦᠷᠭᠡᠨ ᠮᠦᠷᠦ ᠲᠡᠢ ᠬᠠᠮᠢᠭ᠎ᠠ ᠠᠴᠠ ᠨᠢ ᠬᠠᠷᠠᠭᠰᠠᠨ ᠴᠤ ᠶᠠᠭᠠᠬᠢᠬᠤ ᠶᠢᠨ ᠠᠷᠭ᠎ᠠtᠦᠭᠡᠢ ᠮᠤᠩᠭᠤᠯ ᠭᠡᠵᠦ ᠯᠡ ᠲᠠᠨᠢᠭᠳᠠᠬᠤ ᠴᠢᠯᠠᠭᠤᠨᠪᠠᠭᠠᠳᠤᠷ ᠢᠷᠡᠭᠰᠡᠨ ᠬᠦᠮᠦᠰ ᠲᠡᠢ ᠵᠠᠬ᠎ᠠ ᠳᠠᠷᠠᠭᠠᠯᠠᠨ ᠮᠡᠨᠳᠦᠴᠢᠯᠡᠵᠦ ᠢᠨᠢᠶᠡᠮᠰᠦᠭᠯᠡᠵᠤ ᠪᠠᠶᠢᠯ᠎ᠠ᠃ᠤᠷᠠᠨ ᠪᠢᠴᠢᠯᠭᠡ ᠶᠢ ᠠᠪᠤᠨ ᠬᠠᠷᠠᠬᠤ ᠳᠤ ᠳᠤᠤᠷ᠎ᠠ ᠪᠠᠨ ᠪᠢᠴᠢᠴᠢᠬᠡᠳᠡᠭ ᠪᠡᠯᠡᠨ ᠦᠢᠯᠡ ᠰᠢᠭ ᠪᠤᠯᠪᠠᠴᠤ ᠦᠷᠭᠦᠯᠵᠢ ᠳᠡᠭᠡᠨ ᠰᠡᠳᠭᠢᠵᠦ᠂ ᠦᠯᠡᠮᠵᠢ ᠶᠢᠨ ᠤᠷ᠎ᠠ ᠰᠢᠯᠭᠠᠳᠠᠭ ᠶᠡᠭᠡ ᠤᠷᠠᠯᠢᠭ ᠪᠤᠯᠬᠤ ᠶᠢ ᠴᠢᠯᠠᠭᠤᠨᠪᠠᠭᠠᠳᠤᠷ ᠯᠡ ᠦᠪᠡᠷᠲᠡᠭᠡᠨ ᠮᠡᠳᠡᠨ᠎ᠡ᠃ ᠲᠡᠷᠡᠴᠢᠯᠡᠨ ᠲᠡᠭᠦᠨ ᠦ ᠳᠤᠪᠳᠤᠯᠭᠠᠨ ᠪᠢᠴᠢᠯᠭᠡ ᠶᠢᠨ ᠬᠡᠪ ᠨᠠᠮᠪᠠ ᠨᠢ ᠬᠡᠴᠢᠨᠡᠨ ᠵᠢᠯ ᠤᠨ ᠰᠢᠷᠭᠠᠭᠤ ᠴᠢᠷᠮᠠᠶᠢᠯᠭ᠎ᠠ ᠪᠠᠷ ᠯᠡ ᠪᠦᠲᠦᠵᠦ ᠦᠨᠦᠳᠦᠷ ᠦᠨ ᠲᠦᠪᠰᠢᠨ ᠳᠦ ᠬᠦᠷᠦᠭᠰᠡᠨ ᠤᠴᠢᠷᠳᠠᠢ᠃
  ᠢᠷᠡᠯᠳᠡ᠄ ᠲᠤᠮᠳᠠᠳᠤ ᠤᠯᠤᠰ ᠤᠨ ᠮᠤᠩᠭᠤᠯ ᠬᠡᠯᠡᠡ ᠶᠢᠨ ᠰᠤᠨᠢᠠ ᠮᠠᠳᠡᠭᠡ ᠶᠢᠨ ᠰᠦᠯᠵᠢᠶ᠎ᠠ     

巴特尔“我从草原来”为主题的书法展在京举行

11月27日上午,以“我从草原来”为主题的“巴特尔书法走进联合国汇报展”在北京中央民族大学中慧楼正式开幕。巴特尔表示,本次汇报展是对以往作品的总结,也是个人创作的新起点,并感谢各位来宾对其书法事业的支持。
  来源:中国文化报

Posted in ᠰᠤᠶᠤᠯ ᠤᠷᠠᠯᠢᠭ |文化信息 and tagged .