ᠮᠠᠨ ᠤ ᠤᠷᠤᠨ ᠴᠦᠯᠯᠡᠷᠬᠡᠭᠵᠢᠵᠤ ᠲᠠᠴᠢᠷᠳᠠᠭᠰᠠᠨ ᠪᠡᠯᠴᠢᠬᠡᠷ ᠢ ᠵᠠᠰᠠᠬᠤ ᠲᠦᠷᠦᠯ ·内蒙古荒漠化草地项目启动

 

ᠮᠠᠨ ᠤ ᠤᠷᠤᠨ ᠴᠦᠯᠯᠡᠷᠬᠡᠭᠵᠢᠵᠤ ᠲᠠᠴᠢᠷᠳᠠᠭᠰᠠᠨ ᠪᠡᠯᠴᠢᠬᠡᠷ ᠢ ᠵᠠᠰᠠᠬᠤ ᠲᠦᠷᠦᠯ ᠵᠦᠢᠯ ᠢ ᠬᠡᠷᠡᠭᠵᠢᠬᠦᠯᠵᠤ ᠡᠬᠢᠯᠡᠪᠡ

ᠤᠢᠷ᠎ᠡ ᠶᠢᠨ ᠡᠳᠤᠷ ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠲᠠᠭᠠᠭᠠᠴᠢᠯᠠᠨ ᠬᠢᠭᠰᠡᠨ ᠤᠯᠤᠰ ᠤᠨ ᠭᠤᠤᠯᠳᠠᠯᠭ᠎ᠠ ᠲᠠᠢ ᠰᠤᠳᠤᠯᠭᠠᠨ ᠤ ᠲᠦᠯᠦᠪᠯᠡᠭᠡ 《ᠴᠦᠯᠯᠡᠷᠬᠡᠭᠵᠢᠵᠤ ᠲᠠᠴᠢᠷᠳᠠᠭᠰᠠᠨ ᠪᠡᠯᠴᠢᠬᠡᠷ ᠢ ᠵᠠᠰᠠᠬᠤ ᠮᠡᠷᠬᠡᠵᠢᠯ ᠪᠤᠯᠤᠨ ᠵᠢᠱᠢᠶ᠎ᠡ ᠦᠵᠡᠬᠦᠯᠬᠦ》ᠲᠦᠷᠦᠯ ᠵᠦᠢᠯ ᠢ ᠬᠡᠷᠡᠭᠵᠢᠬᠦᠯᠬᠦ ᠨᠡᠬᠡᠬᠡᠯᠳᠡ ᠶᠢᠨ ᠶᠤᠰᠤᠯᠠᠯ ᠬᠦᠬᠡᠬᠤᠳᠡ ᠳ᠋ᠤ ᠪᠤᠯᠪᠡ ᠃
 ᠲᠤᠰ ᠲᠦᠷᠦᠯ ᠵᠦᠢᠯ ᠨᠢ ᠨᠤᠳᠤᠭ ᠪᠡᠯᠴᠢᠬᠡᠷ ᠦᠨ ᠴᠦᠯᠯᠡᠷᠬᠡᠭᠵᠢᠯ ᠲᠠᠴᠢᠷᠳᠠᠯ ᠤᠨ ᠰᠢᠯᠳᠠᠭᠠᠨ ᠢ ᠡᠷᠢᠬᠦ᠂ ᠦᠨᠡᠯᠡᠨ ᠲᠤᠭᠳᠠᠭᠠᠬᠤ ᠂ ᠦᠳᠳᠡᠷ ᠲᠦᠷᠬᠡᠨ ᠵᠠᠰᠠᠨ ᠰᠡᠷᠬᠦᠬᠡᠬᠦ᠂ ᠦᠷᠬᠦᠯᠵᠢᠯᠡᠨ ᠠᠰᠢᠭᠯᠠᠵᠤ ᠪᠤᠯᠬᠤᠢᠴᠡ ᠦᠨᠳᠦᠷ ᠦᠷ᠎ᠡ ᠠᠰᠢᠭ ᠲᠠᠢ ᠮᠡᠷᠬᠡᠵᠢᠯ ᠢ ᠡᠬᠦᠳᠬᠦ ᠵᠡᠷᠬᠡ ᠲᠠᠯ᠎ᠡ ᠪᠠᠷ ᠰᠢᠪᠳᠤᠯᠤᠯᠳᠡ ᠭᠠᠷᠭᠠᠨ ᠂ ᠠᠮᠢ ᠠᠬᠤᠢ ᠶᠢᠨ ᠤᠷᠴᠢᠨ ᠲᠤᠭᠤᠷᠢᠨ ᠢ ᠰᠠᠶᠢᠵᠢᠷᠠᠭᠤᠯᠬᠤ ᠂ ᠨᠤᠳᠤᠭ ᠪᠡᠯᠴᠢᠬᠡᠷ ᠢ ᠦᠷ᠎ᠡ ᠪᠦᠳᠦᠮᠵᠢᠳᠡᠢ ᠪᠡᠷ ᠠᠰᠢᠬᠠᠯᠬᠤ ᠂ ᠬᠦᠮᠦᠨ ᠪᠠᠶᠢᠭᠠᠯᠢ ᠶᠢᠨ ᠡᠶ᠎ᠡ ᠵᠤᠬᠢᠴᠠᠩᠭᠤᠢ ᠶᠢ ᠪᠠᠳᠤᠯᠠᠬᠤ ᠂ ᠠᠮᠢ ᠠᠬᠤᠢ ᠠᠵᠤ ᠠᠬᠤᠢ ᠶᠢᠨ ᠬᠤᠤᠰ ᠠᠰᠢᠭ ᠢ ᠡᠬᠦᠳᠬᠦ᠂ ᠠᠵᠤ ᠦᠢᠯᠡᠰ ᠦᠨ ᠪᠦᠳᠦᠴᠡ ᠶᠢ ᠲᠤᠬᠢᠷᠠᠭᠤᠯᠬᠤ ᠂ ᠦᠢᠯᠡᠳᠪᠤᠷᠢᠯᠡᠯ ᠤᠨ ᠨᠤᠷᠮ᠎ᠡ ᠶᠢ ᠲᠡᠬᠡᠭᠰᠢᠯᠡᠬᠦᠯᠬᠦ᠂ ᠠᠮᠢ ᠠᠬᠤᠢ ᠪᠠᠷ ᠠᠷᠠᠳ ᠢ ᠪᠠᠶᠠᠵᠢᠭᠤᠯᠬᠤ ᠵᠡᠷᠬᠡ ᠲᠠᠯ᠎ᠡ ᠳ᠋ᠤ ᠰᠤᠳᠤᠯᠭᠠᠨ ᠬᠢᠵᠤ ᠂ ᠬᠤᠯᠪᠤᠭᠳᠠᠯ ᠪᠦᠬᠦᠢ ᠵᠤᠬᠢᠰᠳᠠᠢ ᠲᠦᠷᠦ ᠶᠢᠨ ᠪᠤᠳᠤᠯᠭ᠎ᠠ ᠲᠤᠭᠳᠠᠭᠠᠬᠤ ᠳ᠋ᠤ ᠦᠨᠳᠦᠰᠦᠯᠡᠯ ᠬᠠᠩᠭᠠᠬᠤ ᠪᠤᠯᠤᠨ᠎ᠡ ᠃ ᠤᠢᠯᠠᠭᠠᠭᠰᠠᠨ ᠢᠶᠠᠷ ᠂ ᠡᠨᠡᠬᠦ ᠲᠦᠷᠦᠯ ᠵᠦᠢᠯ ᠨᠢ ᠰᠢᠨᠵᠢᠯᠡᠬᠦ ᠤᠬᠠᠭᠠᠨ ᠮᠡᠷᠬᠡᠵᠢᠯ ᠦᠨ ᠶᠠᠮᠤᠨ ᠤ ᠨᠢᠬᠡᠳᠤᠬᠡᠷ ᠪᠦᠯᠦᠭ ᠬᠡᠷᠡᠭᠵᠢᠬᠦᠯᠦᠭᠰᠡᠨ ᠭᠤᠤᠯᠳᠠᠯᠭ᠎ᠠ ᠲᠠᠢ ᠰᠤᠳᠤᠯᠭᠠᠨ ᠤ ᠲᠦᠯᠦᠪᠯᠡᠭᠡ ᠶᠢᠨ ᠲᠦᠷᠦᠯ ᠵᠦᠢᠯ ᠪᠠᠶᠢᠵᠤ ᠂ ᠨᠡᠶᠢᠳᠡ 3700 ᠲᠦᠮᠡᠨ ᠲᠦᠬᠦᠷᠢᠭ ᠪᠡᠯᠡ ᠤᠷᠤᠭᠤᠯᠵᠤ ᠂ ᠡᠬᠦᠨ ᠳ᠋ᠤ ᠤᠯᠤᠰ ᠡᠴᠠ 3200 ᠲᠦᠮᠡᠨ ᠲᠦᠬᠦᠷᠢᠭ ᠦᠨ ᠪᠡᠯᠡ ᠮᠦᠩᠬᠦ ᠪᠠᠭᠤᠯᠭᠠᠪᠠ ᠃ ᠲᠤᠰ ᠲᠦᠷᠦᠯ ᠵᠦᠢᠯ ᠳ᠋ᠠᠬᠢ 8 ᠰᠤᠳᠤᠯᠭᠠᠨ ᠤ ᠰᠡᠳᠤᠪ ᠢ ᠤᠷᠤᠨ ᠤ ᠲᠤᠳᠤᠨ᠎ᠡ ᠭᠠᠳᠠᠨᠠᠬᠢ 20 ᠭᠠᠷᠤᠢ ᠶᠡᠭᠡ ᠲᠡᠬᠡᠳᠤ ᠰᠤᠷᠭᠠᠭᠤᠯᠢ ᠪᠤᠯᠤᠨ ᠰᠤᠳᠤᠯᠭᠠᠨ ᠤ ᠬᠦᠷᠢᠶᠡᠯᠡᠩ ᠂ ᠠᠵᠤ ᠠᠬᠤᠢᠯᠠᠯ ᠬᠠᠷᠢᠭᠤᠴᠠᠨ ᠬᠦᠢᠴᠡᠳᠬᠡᠨ᠎ᠡ ᠃
  ᠢᠷᠡᠯᠳᠡ᠄ ᠬᠦᠬᠡᠬᠣᠲᠠ ᠶᠢᠨ ᠠᠷᠠᠳ ᠤᠨ ᠵᠠᠰᠠᠬ ᠤᠨ ᠤᠷᠳᠤᠨ ᠤᠨ ᠮᠤᠩᠭᠤᠯ ᠰᠦᠯᠵᠢᠶ᠎ᠡ

内蒙古荒漠化草地项目启动

近日,由内蒙古大学牵头实施的国家重点研发计划 “荒漠化退化草地治理技术及示范”项目在呼和浩特市启动。该项目归属“典型脆弱生态与保护”专项,属于科技部第一批启动实施的重点研发计划项目。项目总投资3700万元,其中国拨经费3200万元,包含8个课题,由区内外20家高校、研究院所与企业共同承担。
  来源:《内蒙古日报》

Posted in ᠤᠷᠤᠨ ᠨᠤᠲᠤᠭ |农牧信息 and tagged .