ᠰᠠᠨᠰᠠᠷ ᠤᠨ ᠠᠶᠠᠯᠭᠤ ᠰᠢᠷᠣᠩᠬᠠᠢᠯᠠᠭᠣᠯᠣᠭᠰᠠᠠ ᠠᠪᠤᠷᠭᠤ ᠲᠠᠭᠤᠴᠢᠨ 拥有天籁之音的长调歌王

 

ᠰᠠᠨᠰᠠᠷ ᠤᠨ ᠠᠶᠠᠯᠭᠤ ᠰᠢᠷᠣᠩᠬᠠᠢᠯᠠᠭᠣᠯᠣᠭᠰᠠᠠ ᠠᠪᠤᠷᠭᠤ ᠲᠠᠭᠤᠴᠢᠨ

《ᠠᠷᠤ ᠲᠡᠭᠡᠷ᠎ᠡ ᠪᠡᠨ ᠠᠯᠳᠠ ᠲᠠᠢ ᠂ ᠠᠯᠳᠠᠨ ᠭᠠᠨᠵᠤᠤᠷ ᠰᠢᠳᠦᠭᠡᠨ ᠲᠡᠢ ᠂ ᠮᠦᠷᠦᠨ ᠲᠡᠭᠡᠷ᠎ᠡ ᠪᠡᠨ ᠮᠦᠩᠭᠦ ᠲᠡᠢ ᠂ ᠮᠦᠩᠭᠦᠨ ᠭᠠᠨᠵᠤᠤᠷ ᠰᠢᠳᠦᠭᠡᠨ ᠲᠡᠢ ᠁》ᠭᠡᠵᠤ ᠲᠠᠭᠤᠯᠠᠳᠠᠭ《ᠡᠢᠮᠦ ᠯᠠ ᠰᠠᠢᠬᠠᠨ ᠶᠤᠩᠬᠤᠷ ᠰᠢᠪᠠᠭᠤ 》ᠠᠷᠠᠳ ᠤᠨ ᠲᠠᠭᠤᠤ ᠪᠤᠯ  ᠤ᠊· ᠷᠡᠭᠵᠢᠳᠮ᠎ᠠ ᠨᠠᠰᠤᠳᠠᠨ ᠤ ᠲᠤᠯᠤᠭᠠᠨ ᠨᠠᠰᠤ ᠲᠠᠢ ᠳ᠋ᠠᠭᠠᠨ ᠡᠵᠢ ᠡᠴᠠ ᠪᠠᠨ ᠰᠤᠷᠴᠤ ᠠᠪᠤᠭᠰᠠᠨ ᠬᠠᠮᠤᠬ ᠠᠩᠬᠠᠨ ᠤ ᠠᠯᠠᠱᠠ ᠠᠷᠠᠳ ᠤᠨ ᠲᠠᠭᠤᠤ ᠶᠤᠮ ᠭᠡᠨ᠎ᠡ ᠃
  ᠲᠤᠰ ᠲᠠᠭᠤᠤ ᠶᠢ ᠡᠨᠡ ᠵᠢᠯ ᠨᠠᠶᠠᠨ ᠲᠠᠪᠤᠨ ᠤ ᠦᠨᠳᠦᠷ ᠨᠠᠰᠤ ᠶᠢ ᠵᠤᠭᠤᠭᠯᠠᠵᠤ ᠶᠠᠪᠤᠭ᠎ᠠ ᠤ᠊ ·ᠷᠡᠭᠵᠢᠳᠮ᠎ᠠ ᠤᠳᠤ ᠪᠤᠯᠳᠠᠯ᠎ᠠ ᠴᠡᠭᠡᠵᠢᠯᠡᠵᠦ ᠂ ᠰᠢᠨ᠎ᠡ ᠵᠢᠯ ᠴᠠᠭᠠᠨ ᠰᠠᠷ᠎ᠠ ᠪᠠᠷ ᠭᠡᠷ ᠪᠦᠯᠢ ᠶᠢᠨ ᠬᠠᠮᠳᠤ ᠶᠢᠨ ᠨᠠᠢᠷ ᠴᠠᠢᠯᠠᠯᠭ᠎ᠠ ᠳ᠋ᠤ ᠦᠷ᠎ᠡ ᠠᠴᠢ ᠂ ᠤᠮᠪᠤᠯᠤ ᠬᠡᠤᠬᠡᠳ ᠤᠳ ᠲᠡᠭᠡᠨ ᠲᠠᠭᠤᠯᠠᠵᠤ ᠦᠭᠳᠡᠭ ᠭᠡᠵᠦ ᠲᠡᠭᠦᠨ ᠦ ᠬᠠᠮᠤᠬ ᠪᠠᠭ᠎ᠠ ᠬᠦᠦ ᠠᠯᠳᠠᠠᠠᠠᠭᠤᠯᠠ ᠨᠢ ᠶᠠᠷᠢᠬᠤ ᠶᠤᠮ ᠃
  ᠪᠢᠳᠡᠨ ᠦ ᠰᠤᠷᠪᠤᠯᠵᠢᠯᠠᠭ᠎ᠠ ᠶᠢᠨ ᠰᠠᠯᠬᠢ ᠶᠢ ᠬᠠᠭᠠᠯᠵᠤ ᠂ ᠠᠯᠠᠱᠠ ᠠᠷᠠᠳ ᠤᠨ ᠲᠠᠭᠤᠤ ᠶᠢᠨ ᠰᠡᠳᠭᠢᠯ ᠤᠶᠠᠷᠠᠭᠤᠯᠤᠮ᠎ᠠ ᠢᠷᠠᠭᠤ ᠤᠶᠠᠩᠭᠠᠯᠢᠭ ᠠᠶᠠᠯᠭᠤ ᠶᠢ ᠰᠤᠨᠤᠰᠬᠠᠬᠤ ᠭᠡᠵᠦ ᠤ᠊ · ᠷᠡᠭᠵᠢᠳᠮ᠎ᠠ《ᠭᠤᠤᠯᠠ ᠶᠢᠨ ᠦᠨᠳᠦᠷ ᠤᠷᠬᠢᠯ ᠳ᠋ᠤ ᠂ ᠬᠤᠶᠠᠷ ᠯᠠ ᠵᠤᠤ ᠶᠢᠨ ᠪᠠᠷ᠎ᠠ ᠨᠢ ᠬᠤᠯᠠᠳᠠᠰᠬᠢᠵᠤ ᠬᠠᠷᠠᠭᠳᠠᠯ᠎ᠠ ᠂ ᠬᠤᠢᠳᠤ ᠶᠢᠨ ᠢᠷᠦᠬᠡᠯ ᠲᠡᠨᠳᠡ ᠪᠤᠢ ᠁》ᠭᠡᠵᠦ ᠶᠢᠰᠦᠨ ᠨᠠᠰᠤᠨ ᠳ᠋ᠠᠭᠠᠨ ᠠᠪᠤ ᠡᠴᠠ ᠪᠠᠨ ᠰᠤᠷᠤᠭᠰᠠᠨ《ᠭᠤᠤᠯᠠ ᠶᠢᠨ ᠦᠨᠳᠦᠷ ᠤᠷᠬᠢᠯ 》ᠭᠡᠬᠦ ᠠᠯᠠᠱᠠ ᠠᠷᠠᠳ ᠤᠨ ᠲᠠᠭᠤᠤ ᠶᠢ ᠲᠠᠭᠤᠯᠠᠬᠤ ᠳ᠋ᠤ ᠲᠠᠭᠤᠤ ᠶᠢᠨ ᠠᠶᠠᠰ ᠨᠢ ᠬᠤᠯᠠ ᠶᠢᠨ ᠬᠤᠯᠠ ᠳ᠋ᠤ ᠲᠠᠳᠠᠭᠳᠠᠵᠤ ᠂ ᠬᠠᠨ ᠲᠡᠭᠷᠢ ᠡᠴᠠ ᠰᠤᠶᠤᠷᠬᠠᠭᠰᠠᠠ ᠬᠦᠮᠦᠨ ᠪᠠᠢᠭᠠᠯᠢ ᠶᠢᠨ ᠭᠤᠶᠤ ᠦᠵᠡᠮᠵᠢ ᠶᠢ ᠨᠢᠳᠤᠨ ᠳ᠋ᠤ ᠦᠵᠡᠭᠳᠡᠬᠦᠯᠬᠦ ᠰᠢᠬ ᠰᠠᠨᠠᠭᠳᠠᠭᠤᠯᠤᠨ᠎ᠠ ·····
  ᠲᠠᠯ᠎ᠠ ᠨᠢ ᠠᠭᠤᠵᠢᠮ ᠪᠤᠯᠬᠤᠷ ᠠᠶᠠᠯᠭᠤ ᠨᠢ ᠤᠷᠳᠤ ᠪᠠᠢᠳᠠᠬ ᠮᠤᠩᠭᠤᠯ ᠤᠷᠳᠤ ᠶᠢᠨ ᠲᠠᠭᠤᠤ ᠂ ᠤᠰᠤ ᠨᠢ ᠲᠤᠩᠭᠠᠯᠠᠬ ᠪᠤᠯᠬᠤᠷ ᠬᠤᠭᠤᠯᠠᠢ ᠨᠢ ᠬᠠᠩᠬᠢᠨᠠᠮ᠎ᠠ ᠪᠠᠢᠳᠠᠭ ᠮᠤᠩᠭᠤᠯ ᠤᠷᠳᠤ ᠶᠢᠨ ᠲᠠᠭᠤᠤ ᠂ ᠰᠡᠳᠭᠢᠯ ᠨᠢ ᠴᠠᠢᠯᠭᠠᠨ ᠪᠤᠯᠬᠤᠷ ᠢᠷᠠᠭᠤ ᠤᠶᠠᠩᠭᠠᠯᠢᠭ ᠪᠠᠢᠳᠠᠬ ᠮᠤᠩᠭᠤᠯ ᠤᠷᠳᠤ ᠶᠢᠨ ᠲᠠᠭᠤᠤ ᠂ ᠰᠠᠨᠠᠭ᠎ᠠ ᠨᠢ ᠮᠤᠩᠭᠤᠯ ᠪᠤᠯᠬᠤᠷ ᠲᠦᠮᠡᠨ ᠤᠨ᠎ᠠ ᠲᠡᠭᠡᠳᠦᠯᠡᠬᠦ ᠮᠤᠩᠭᠤᠯ ᠤᠷᠳᠤ ᠶᠢᠨ ᠲᠠᠭᠤᠤ ᠃
  ᠨᠡᠭᠡᠷᠡᠨ ᠮᠤᠩᠭᠤᠯ ᠤᠷᠳᠤ ᠶᠢᠨ ᠲᠠᠭᠤᠤ ᠪᠤᠯ ᠲᠠᠯ᠎ᠠ ᠨᠤᠳᠤᠭ ᠂ ᠲᠠᠩᠰᠤᠭ ᠭᠤᠪᠢ ᠂ ᠮᠠᠯᠵᠢᠯ ᠠᠮᠢᠳᠤᠷᠠᠯ ᠡᠴᠠ ᠰᠡᠳᠦᠪ ᠠᠪᠴᠤ ᠰᠡᠳᠭᠢᠯᠭᠡ ᠡᠴᠠ ᠤᠨᠳᠤᠷᠤᠳᠠᠬ ᠪᠤᠯᠬᠤᠷ ᠲᠡᠷᠡ ᠨᠢ ᠲᠡᠯᠡᠬᠡᠢ ᠶᠢᠨ ᠶᠠᠮᠠᠷᠴᠤ ᠦᠨᠳᠦᠰᠦᠳᠡᠨ ᠳ᠋ᠤ ᠪᠠᠢᠳᠠᠬ ᠦᠭᠡᠢ ᠤᠷᠤᠢ ᠶᠢᠨ ᠴᠢᠮᠡᠭ ᠪᠤᠯᠤᠭᠰᠠᠨ ᠰᠤᠩᠭᠤᠳᠠᠬ ᠤᠷᠠᠯᠢᠬ ᠮᠦᠨ ᠃  ᠤ᠊ ᠂ ᠷᠡᠭᠵᠢᠳᠮ᠎ᠡ ᠪᠤᠯ ᠡᠯᠠᠱᠠ ᠠᠷᠠᠳ ᠤᠨ ᠲᠠᠭᠤᠤ ᠶᠢ ᠬᠠᠳᠠᠨ ᠳ᠋ᠤ ᠰᠡᠢᠯᠵᠦ ᠂ ᠬᠠᠳᠠᠭ ᠲᠤ ᠪᠢᠴᠢᠵᠦ ᠦᠯᠡᠳᠡᠭᠡᠭᠰᠡᠨ ᠲᠠᠷᠬᠠᠨ ᠲᠠᠭᠤᠴᠢᠨ ᠃
  ᠲᠡᠭᠦᠨ ᠦ ᠦᠪᠯᠡᠭᠰᠡᠨ ᠤᠷᠳᠤ ᠶᠢᠨ ᠲᠠᠭᠤᠤ ᠨᠢ ᠠᠯᠠᠱᠠ ᠤᠷᠳᠤ ᠶᠢᠨ ᠲᠠᠭᠤᠤ ᠶᠢᠨ ᠤᠯᠠᠮᠵᠢᠯᠠᠯ ᠵᠠᠯᠭᠠᠮᠵᠢᠯᠠᠯ ᠳ᠋ᠤ ᠠᠯᠳᠠᠨ ᠡᠴᠠ ᠦᠨ᠎ᠠ ᠲᠠᠢ ᠬᠤᠪᠤᠷ ᠴᠤᠬᠠᠬ ᠡᠷᠳᠡᠨᠢ ᠪᠤᠯᠵᠤ ᠂ ᠬᠦᠮᠦᠵᠢᠭᠦᠯᠦᠭᠰᠡᠨ ᠱᠠᠪᠢ ᠨᠢᠭᠡᠪᠦᠷᠢ ᠨᠢ ᠠᠯᠠᠱᠠ ᠶᠢᠨ ᠭᠦᠭ ᠠᠢᠵᠠᠮ ᠂ ᠨᠤᠭᠤᠯᠤᠭ᠎ᠠ ᠠᠶᠠᠰ ᠢᠶᠠᠷ ᠠᠯᠠᠱᠠ ᠤᠷᠳᠤ ᠶᠢᠨ ᠲᠠᠭᠤᠤ ᠶᠢ ᠲᠡᠯᠡᠬᠡᠢ ᠳ᠋ᠠᠬᠢᠨ ᠳ᠋ᠤ ᠰᠢᠷᠦᠩᠬᠠᠢᠯᠠᠭᠤᠯᠬᠤ ᠶᠤᠮ ᠃
    ᠢᠷᠡᠯᠳᠡ᠄ ᠦᠪᠦᠷ ᠮᠤᠨᠭᠭᠤᠯ ᠤᠨ ᠰᠤᠨᠢᠨ ᠮᠡᠳᠡᠭᠡᠨ ᠤ ᠨᠧᠲ

Posted in ᠵᠤᠴᠢᠨ ᠬᠤᠢ᠌ᠮᠤᠷ| 每日嘉宾 and tagged .