ᠮᠤᠩᠭᠤᠯ ᠬᠡᠯᠡ 蒙古语(诗歌)

ᠮᠤᠩᠭᠤᠯ ᠬᠡᠯᠡ

       ﹇ ᠮᠤᠩᠭᠤᠯ﹈ ᠳ᠋᠊ · ᠪᠤᠯᠤᠳᠬᠤᠶᠠᠭ
ᠬᠢᠩᠭᠠᠨ ᠤ ᠠᠭᠤᠯᠠᠨ ᠳ᠋ᠥ ᠠᠵᠢᠷᠭᠠᠨ ᠴᠢᠨ᠋ᠸ᠎ᠠ ᠤᠯᠢᠬᠤ ᠨᠢ ᠤᠷᠳᠤ ᠵᠢᠨ ᠲᠠᠭᠤᠤ ᠵᠢᠨ ᠰᠢᠷᠦᠩᠬᠠᠢ ᠶᠤᠮ
ᠬᠠᠭᠠᠴᠠᠯ ᠤᠨ ᠭᠤᠨᠢᠭ ᠢ ᠤᠷᠳᠤ ᠵᠢᠨ ᠲᠠᠭᠤᠤ ᠪᠠᠷ ᠠᠷᠭᠠᠳᠠᠬᠤ ᠨᠢ ᠦᠨᠳᠦᠷ ᠭᠠᠵᠠᠷ ᠤᠨ ᠰᠠᠯᠬᠢ ᠶᠤᠮ
ᠡᠷᠳᠡᠨ ᠦ ᠨᠤᠳᠤᠭ ᠲᠣ ᠦᠨᠳᠦᠷ ᠦᠨ ᠰᠠᠯᠬᠢ ᠬᠠᠤᠬᠢᠬᠤ ᠨᠢ ᠠᠮᠤᠷᠵᠢᠬᠤ ᠡᠬᠡ ᠵᠢᠨ ᠳᠣᠩᠰᠢᠯ ᠶᠤᠮ
ᠡᠬᠡ ᠡᠴᠠ ᠲᠦᠷᠦᠭᠡᠳ ᠲᠡᠩᠭᠡᠭᠡ ᠮᠡᠳᠡᠨ ᠴᠢᠷᠠᠯᠠᠬᠤ ᠨᠢ ᠮᠢᠨᠤ ᠮᠤᠩᠭᠤᠯ ᠬᠡᠯᠡ ᠶᠤᠮ
ᠬᠡᠷᠡᠮ ᠦᠨ ᠴᠢᠨᠠᠳᠤ ᠡᠴᠠ ᠠᠳᠤᠭᠤ ᠨᠤᠳᠤᠭ  ᠢᠶᠡᠨ ᠬᠦᠶᠦᠬᠦ ᠨᠢ ᠠᠭᠠᠳᠠᠷ ᠪᠤᠷᠤᠭᠠᠨ ᠤ ᠲᠤᠪᠰᠢᠶ᠎ᠠ ᠶᠤᠮ
ᠬᠡᠭᠡᠷ᠎ᠡ ᠲᠠᠯ᠎ᠠ ᠳ᠋ᠥ ᠠᠭᠠᠳᠠᠷ ᠱᠠᠭᠢᠨ ᠤᠷᠤᠬᠤ ᠨᠢ ᠠᠮᠠᠷᠠᠭ ᠱᠠᠨᠵᠠ ᠵᠢᠨ ᠠᠶᠠᠯᠭᠤ ᠶᠤᠮ
ᠲᠦᠪᠥᠩᠬᠢ ᠠᠷᠭᠠᠭᠠᠵᠦ ᠠᠮᠠᠷᠠᠭ ᠱᠠᠨᠵᠠ ᠴᠤᠷᠬᠢᠷᠠᠬᠤ ᠨᠢ ᠰᠡᠳᠬᠢᠯ  ᠢᠶᠡᠨ ᠢᠶᠡᠨᠠᠨ ᠢᠯᠡᠴᠢᠯᠡᠭᠰᠡᠨ ᠦᠭᠡ ᠶᠤᠮ
ᠲᠦᠭᠳᠡᠷᠡᠨ ᠪᠠᠢᠵᠤ ᠬᠠᠢᠷ᠎ᠡ ᠰᠡᠳᠬᠢᠯ  ᠢᠶᠡᠨ ᠢᠯᠡᠴᠢᠯᠡᠬᠦ ᠨᠢ ᠮᠢᠨᠤ ᠮᠤᠩᠭᠤᠯ ᠬᠡᠯᠡ ᠶᠤᠮ
ᠡᠷᠴᠢᠰ ᠮᠦᠷᠡᠨ ᠪᠤᠳᠤᠯ ᠪᠤᠯᠤᠨ ᠤᠷᠤᠰᠬᠤ ᠨᠢ ᠬᠦᠭᠡᠮᠡᠢ ᠵᠢᠨ ᠵᠠᠳᠠᠭᠠᠢ ᠠᠶᠠᠯᠭᠤ ᠶᠤᠮ
ᠡᠯᠢᠭᠡ ᠲᠡᠮᠳᠡᠷᠢᠬᠦ ᠡᠩᠭᠡᠷ ᠵᠠᠳᠠᠭᠠᠢ ᠬᠦᠭᠡᠮᠡᠢ ᠨᠢ ᠡᠪᠦᠭᠡᠨ ᠪᠦᠷᠭᠦᠳ ᠦᠨ ᠲᠠᠭᠤᠳᠠᠯᠭ᠎ᠠ ᠶᠤᠮ
ᠦᠳᠤ ᠨᠢ ᠪᠤᠭᠤᠷᠤᠯᠳᠤᠭᠰᠠᠨ ᠪᠦᠷᠭᠦᠳ ᠰᠢᠪᠠᠭᠤ ᠪᠦᠭᠡᠷᠡᠬᠦ ᠨᠢ ᠡᠴᠢᠭᠡ ᠵᠢᠨ ᠠᠯᠳᠠᠨ ᠬᠡᠷᠢᠶᠡᠰᠤ ᠶᠤᠮ
ᠡᠪᠦᠭᠡ ᠲᠡᠭᠡᠳᠦᠰ ᠦᠨ ᠴᠢᠩᠳᠡᠯᠡᠨ ᠵᠠᠬᠢᠭᠰᠠᠨ ᠬᠡᠷᠢᠶᠡᠰᠤ ᠨᠢ ᠮᠢᠨᠤ ᠮᠤᠩᠭᠤᠯ ᠬᠡᠯᠡ ᠶᠤᠮ
ᠪᠠᠢᠭᠠᠯ ᠲᠠᠯᠠᠢ ᠲᠡᠯ  ᠢᠶᠡᠨ ᠬᠡᠢᠰᠭᠡᠨ ᠲᠠᠪᠡᠯᠭᠠᠯᠠᠬᠤ ᠨᠢ ᠲᠤᠩ ᠬᠢᠰᠤᠭ᠎ᠠ ᠵᠢᠨ ᠴᠤᠤᠷᠢᠶ᠎ᠠ ᠶᠤᠮ
ᠪᠠᠷᠠᠭᠤᠨ ᠴᠢᠬᠢᠨ ᠳ᠋ᠥ ᠲᠤᠩ ᠬᠢᠰᠤᠭ᠎ᠠ ᠴᠤᠤᠷᠢᠶᠠᠯᠠᠬᠤ ᠨᠢ ᠤᠢ ᠵᠢᠨ ᠰᠠᠯᠬᠢᠨ ᠤ ᠱᠤᠤᠬᠢᠶᠠᠨ ᠶᠤᠮ
ᠲᠦᠷᠢᠮᠡᠬᠡᠢ ᠰᠠᠯᠬᠢᠨ ᠳ᠋ᠥ ᠮᠤᠳᠤᠨ ᠤ ᠤᠷᠤᠢ ᠱᠤᠤᠬᠢᠬᠤ ᠨᠢ ᠴᠡᠷᠢᠭ ᠡᠷᠡᠰ ᠦᠨ ᠤᠤᠬᠠᠢ ᠶᠤᠮ
ᠲᠡᠦᠬᠡ ᠱᠠᠰᠳᠢᠷ ᠡᠴᠠ ᠴᠢᠩᠬᠢᠰ ᠤᠨ ᠪᠠᠭᠠᠳᠤᠷ ᠤᠳ ᠤᠤᠬᠠᠢᠯᠠᠬᠤ ᠨᠢ ᠮᠢᠨᠤ ᠮᠤᠩᠭᠤᠯ ᠬᠡᠯᠡ ᠶᠤᠮ
ᠡᠨᠡ ᠲᠦᠷᠪᠡᠨ ᠬᠢᠵᠠᠭᠠᠷ ᠤᠨ ᠬᠢᠯᠢ ᠲᠡᠭᠡᠰᠤᠨ ᠲᠤᠳᠤᠷ᠎ᠠ
ᠡᠯᠡᠰᠤᠨ ᠤ ᠰᠢᠷᠭᠡᠭ ᠪᠦᠮᠪᠦᠷᠢᠬᠦ ᠡᠴᠠ ᠠᠶᠤᠩᠭ᠎ᠠ ᠨᠢᠷᠭᠡᠬᠦ ᠬᠦᠷᠳᠡᠯ᠎ᠠ
ᠡᠬᠡ ᠪᠠᠢᠭᠠᠯᠢ ᠵᠢᠨ ᠲᠠᠭᠤᠯᠠᠭᠰᠠᠨ ᠠᠪᠢᠶ᠎ᠠ ᠪᠦᠬᠦᠨ ᠢ ᠰᠤᠨᠤᠷᠳᠠᠵᠤ
ᠡᠯᠦᠨᠴᠠ ᠵᠢᠨ ᠡᠯᠦᠨᠴᠠ ᠡᠴᠠ ᠲᠤᠭᠤᠷᠪᠢᠭᠰᠠᠨ ᠲᠠᠩᠴᠣ ᠢᠷᠠᠭᠤ ᠮᠤᠩᠭᠤᠯ ᠬᠡᠯᠡ ᠡ᠃

★ᠮᠤᠩᠭᠤᠯ ᠤᠯᠤᠰ ᠤᠨ 2011 ᠡᠤᠨ ᠤ《ᠪᠤᠯᠤᠷ ᠴᠤᠮᠤ》 ᠰᠢᠯᠦᠭ ᠦᠨ
ᠨᠠᠭᠠᠳᠤᠮ ᠳ᠋ᠤ ᠲᠡᠷᠢᠬᠦᠯᠡᠭᠰᠡᠨ ᠰᠢᠯᠦᠭ
      ᠥᠪᠦᠷᠲᠠᠯ᠎ᠠ ᠨᠠᠢᠷᠠᠭᠤᠯᠵᠤ 2016-10-12 ᠤ ᠡᠳᠦᠷ ᠨᠡᠢᠲᠡᠯᠡᠪᠡ

 
Posted in ᠤᠷᠠᠨ ᠵᠤᠬᠢᠶᠠᠯ |作品赏析 and tagged .