ᠰᠢᠯᠤᠭᠤᠨ ᠬᠦᠬᠡ ᠬᠤᠰᠢᠭᠤᠨ ᠤ ᠶᠢᠰᠦᠳᠦᠬᠡᠷ ᠬᠤᠭᠤᠴᠠᠭᠠᠨ ᠤ ᠴᠠᠬᠠᠷ ᠴᠠᠭᠠᠨ ·锡盟正蓝旗第九届“察哈尔”察干伊德文化节隆重开幕

 

ᠰᠢᠯᠤᠭᠤᠨ ᠬᠦᠬᠡ ᠬᠤᠰᠢᠭᠤᠨ ᠤ ᠶᠢᠰᠦᠳᠦᠬᠡᠷ ᠬᠤᠭᠤᠴᠠᠭᠠᠨ ᠤ ᠴᠠᠬᠠᠷ ᠴᠠᠭᠠᠨ ᠢᠳᠡᠬᠡᠨ ᠦ ᠰᠤᠶᠤᠯ ᠤᠨ ᠨᠠᠢᠷ ᠦᠪᠡᠳᠡᠭᠰᠢ ᠶᠡᠬᠡᠪᠡᠷ ᠡᠬᠢᠯᠡᠪᠡ

10 ᠳ᠋ᠤᠭᠠᠷ ᠰᠠᠷ᠎ᠠ ᠵᠢᠨ 12 ᠤᠨ ᠡᠳᠦᠷ᠂ ᠶᠢᠰᠦᠳᠦᠬᠡᠷ ᠬᠤᠭᠤᠴᠠᠭᠠᠨ ᠤ ᠴᠠᠬᠠᠷ ᠴᠠᠭᠠᠨ ᠢᠳᠡᠬᠡᠨ ᠦ ᠰᠤᠶᠤᠯ ᠤᠨ ᠨᠠᠢᠷ ᠰᠢᠯᠤᠭᠤᠨ ᠬᠦᠬᠡ ᠬᠤᠰᠢᠭᠤᠨ ᠤ ᠬᠤᠪᠢᠯᠠᠢ ᠠᠭᠤᠳᠠᠮ ᠲᠠᠯᠠᠪᠠᠢ ᠳ᠋ᠤ ᠦᠪᠡᠳᠡᠭᠰᠢ ᠶᠡᠬᠡᠪᠡᠷ ᠡᠬᠢᠯᠡᠪᠡ᠃
 ᠲᠤᠰ ᠤᠳᠠᠭᠠᠨ ᠤ ᠴᠠᠭᠠᠨ ᠢᠳᠡᠬᠡᠨ ᠦ ᠰᠤᠶᠤᠯ ᠤᠨ ᠨᠠᠢᠷ ᠤᠨ ᠭᠤᠤᠯ ᠠᠭᠤᠯᠭ᠎ᠠ ᠳ᠋ᠤ ᠤᠯᠠᠮᠵᠢᠯᠠᠯᠳᠤ ᠴᠠᠬᠠᠷ ᠴᠠᠭᠠᠨ ᠢᠳᠡᠬᠡᠨ ᠦ ᠲᠡᠯᠬᠡᠨ ᠦᠵᠡᠬᠦᠯᠦᠯᠬᠡ᠂ ᠤᠯᠠᠮᠵᠢᠯᠠᠯᠳᠤ ᠴᠠᠭᠠᠨ ᠢᠳᠡᠭᠡᠨ ᠪᠤᠯᠬᠤ ᠬᠤᠷᠤᠳ᠂ ᠰᠢᠷ᠎ᠠ ᠲᠤᠰᠤ᠂ ᠲᠦᠳ᠋᠂ ᠰᠠᠭᠠᠯᠢ ᠵᠢᠨ ᠠᠷᠢᠬᠢ᠂ ᠦᠷᠦᠮ᠎ᠡ ᠵᠢᠨ ᠠᠳᠠᠯᠢᠳᠬᠠᠨ ᠰᠢᠯᠭᠠᠷᠠᠭᠤᠯᠤᠯᠳᠠ᠂ ᠤᠯᠠᠮᠵᠢᠯᠠᠯᠳᠤ ᠴᠠᠭᠠᠨ ᠢᠳᠡᠬᠡᠨ ᠬᠤᠷᠤᠳ᠂ ᠲᠦᠳ᠋ ᠦᠨ ᠠᠬᠤᠢ ᠲᠠᠯᠠᠪᠠᠢ ᠵᠢᠨ ᠰᠢᠯᠠᠭᠠᠷᠠᠭᠤᠯᠤᠯᠳᠠ᠂ ᠤᠯᠠᠮᠵᠢᠯᠠᠯᠳᠦ ᠴᠠᠭᠠᠨ ᠢᠳᠡᠬᠡᠨ ᠦ ᠲᠡᠯᠬᠡᠨ ᠪᠤᠷᠤᠯᠠᠭᠤᠯᠭ᠎ᠠ ᠵᠢᠴᠢ ᠰᠦᠨ ᠪᠦᠳᠦᠬᠡᠭᠳᠡᠬᠦᠨ ᠦ ᠠᠵᠦ ᠠᠬᠤᠢᠯᠠᠯ ᠤᠨ ᠰᠢᠨ᠎ᠠ ᠪᠦᠳᠦᠬᠡᠭᠳᠡᠬᠦᠨ ᠦ ᠲᠡᠯᠬᠡᠨ ᠪᠤᠷᠤᠯᠠᠭᠤᠯᠭ᠎ᠠ᠂ ᠲᠠᠯ᠎ᠠ ᠨᠤᠳᠤᠭ ᠤᠨ ᠤᠨᠴᠠᠯᠢᠭᠳᠤ ᠡᠯᠡᠰᠦᠨ ᠤᠷᠠᠯᠠᠯ ᠤᠨ ᠪᠦᠳᠦᠬᠡᠭᠳᠡᠬᠦᠨ᠂ ᠪᠤᠷᠭᠠᠰᠤᠨ ᠬᠦᠷᠦᠮᠡᠯ ᠵᠡᠷᠬᠡ ᠪᠤᠳᠠᠰ ᠤᠨ ᠪᠤᠰᠤ ᠰᠤᠶᠤᠯ ᠤᠨ ᠦᠪ ᠪᠠ ᠤᠳᠤᠬᠢᠴᠢᠯᠠᠭᠰᠠᠨ ᠴᠠᠬᠢᠯᠭᠠᠨ ᠬᠤᠳᠠᠯᠳᠤᠭ᠎ᠠ ᠵᠢᠨ ᠲᠡᠯᠬᠡᠨ ᠦᠵᠡᠬᠦᠯᠦᠯᠬᠡ᠂ ᠮᠤᠩᠭᠤᠯ ᠪᠦᠬᠡ ᠵᠢᠨ ᠪᠠᠷᠢᠯᠳᠤᠭᠠᠨ ᠵᠡᠷᠬᠡ ᠵᠢ ᠲᠤᠬᠢᠷᠠᠭᠤᠯᠵᠠᠢ᠃ ᠲᠤᠰ ᠤᠳᠠᠭᠠᠨ ᠤ ᠴᠠᠭᠠᠨ ᠢᠳᠡᠬᠡᠨ ᠦ ᠨᠠᠢᠷ ᠨᠢ 3 ᠡᠳᠦᠷ ᠦᠨ ᠬᠤᠭᠤᠴᠠᠭ᠎ᠠ ᠲᠠᠢ ᠶᠠᠪᠤᠭᠳᠠᠵᠦ᠂ 14 ᠤ ᠡᠳᠦᠷ ᠦᠨᠳᠦᠷᠯᠡᠬᠦ ᠪᠤᠯᠤᠨ᠎ᠠ᠃
 ( ᠤᠶᠤᠩᠭᠤᠸ᠎ᠠ ᠠᠯᠳᠠᠨᠰᠢᠬᠦᠷ᠂ ᠬᠦᠬᠡᠮᠦᠴᠢᠷ ᠨᠡᠷ ᠮᠡᠳᠡᠭᠡᠯᠡᠪᠡ)

 

锡盟正蓝旗第九届“察哈尔”察干伊德文化节隆重开幕

第九届“察哈尔”察干伊德文化节于10月12日至14日,在正蓝旗忽必烈文化体育广场举行。30多个来自旗内外的奶制品生产加工企业和牧民为您现场展示奶豆腐、黄油、图德、奶子酒的加工制作技艺。您可以边品尝草原美味奶食品,边欣赏蒙古族传统竞技搏克比赛,还可以观看具有草原民族特色的沙画制作,感受柳条编制等非物质文化遗产和现代电子商务展览。
            来源: 走遍草原

Posted in ᠤᠷᠤᠨ ᠨᠤᠲᠤᠭ |农牧信息 and tagged .