ᠮᠠᠷᠢᠶᠠᠯᠠᠬᠤ ᠨᠢ 13 ᠵᠦᠢᠯ ᠦᠨ ᠦᠮᠠᠨ ᠳ᠋ᠤ ᠨᠡᠷᠪᠡᠭᠳᠡᠬᠦ ᠲᠦᠭᠰᠢᠬᠦᠷᠢ ᠶᠢ ᠨᠡᠮᠡᠭᠳᠡᠬᠦᠯᠦᠨ᠎ᠡ 发胖可增加13种癌症风险

ᠮᠠᠷᠢᠶᠠᠯᠠᠬᠤ ᠨᠢ 13 ᠵᠦᠢᠯ ᠦᠨ ᠦᠮᠠᠨ ᠳ᠋ᠤ ᠨᠡᠷᠪᠡᠭᠳᠡᠬᠦ ᠲᠦᠭᠰᠢᠬᠦᠷᠢ ᠶᠢ ᠨᠡᠮᠡᠭᠳᠡᠬᠦᠯᠦᠨ᠎ᠡ

ᠰᠢᠨᠬᠤᠧᠠ ᠬᠤᠷᠢᠶ᠎ᠡ ᠶᠢᠨ ᠪᠢᠴᠢᠯ ᠮᠡᠳᠡᠬᠡ ᠂ ᠤᠯᠠᠨ ᠤᠯᠤᠰ ᠤᠨ ᠡᠷᠡᠬᠦᠯ ᠬᠠᠮᠠᠭᠠᠯᠠᠯ ᠤᠨ ᠵᠤᠬᠢᠶᠠᠨ ᠪᠠᠢᠭᠤᠯᠤᠯᠳᠠ ᠶᠢᠨ ᠲᠤᠤᠷᠠᠬᠢ ᠤᠯᠠᠨ ᠤᠯᠤᠰ ᠤᠨ ᠦᠮᠡᠨ ᠡᠪᠡᠳᠴᠢᠨ ᠦ ᠰᠤᠳᠤᠯᠭᠠᠨ ᠤ ᠪᠠᠢᠭᠤᠯᠤᠮᠵᠢ ᠶᠢᠨ ᠰᠤᠳᠤᠯᠤᠭᠴᠢᠳ ᠡᠴᠠ ᠦᠷᠨᠢᠬᠦᠯᠦᠭᠰᠡᠨ ᠬᠦᠮᠦᠨ ᠦ ᠪᠡᠶ᠎ᠠ ᠶᠢᠨ ᠬᠦᠨᠳᠤ ᠪᠤᠯᠤᠨ ᠦᠮᠡᠨ ᠡᠪᠡᠳᠴᠢᠨ ᠳ᠋ᠤ ᠨᠡᠷᠪᠡᠭᠳᠡᠬᠦ ᠲᠦᠭᠰᠢᠬᠦᠷᠢ ᠶᠢᠨ ᠬᠠᠷᠢᠴᠠᠭ᠎ᠠ ᠶᠢᠨ 1000 ᠭᠠᠷᠤᠢ ᠵᠦᠢᠯ ᠦᠨ ᠰᠤᠳᠤᠯᠤᠯᠳᠠ ᠳ᠋ᠤ ᠢᠯᠡᠷᠡᠬᠦᠯᠦᠭᠰᠡᠨ ᠢᠶᠡᠷ ᠂ ᠬᠡᠳᠤ ᠮᠠᠷᠢᠶ᠎ᠠ ᠲᠠᠢ ᠪᠤᠶᠤ ᠪᠡᠶ᠎ᠠ ᠶᠢᠨ ᠬᠦᠨᠳᠤ ᠨᠢ ᠪᠠᠷᠢᠮᠵᠢᠶ᠎ᠠ ᠡᠴᠠ ᠲᠠᠪᠠᠬᠤ ᠨᠢ 13 ᠵᠦᠢᠯ ᠦᠨ ᠦᠮᠡᠨ ᠡᠪᠡᠳᠴᠢᠨ ᠳ᠋ᠤ ᠨᠡᠷᠪᠡᠭᠳᠡᠬᠦ ᠲᠦᠭᠰᠢᠬᠦᠷᠢ ᠶᠢ ᠨᠡᠮᠡᠭᠳᠡᠬᠦᠯᠬᠦ ᠪᠤᠯᠤᠨ᠎ᠠ ᠃

ᠡᠨᠡᠬᠦ 13 ᠵᠦᠢᠯ ᠦᠨ ᠦᠮᠡᠨ ᠨᠢ ᠂ ᠰᠠᠪᠠ ᠶᠢᠨ ᠦᠮᠡᠨ ᠂ ᠬᠦᠬᠦᠨ ᠪᠤᠯᠴᠢᠷᠬᠠᠢ ᠶᠢᠨ ᠦᠮᠡᠨ ᠂ ᠬᠡᠳᠡᠰᠦᠨ ᠦ ᠦᠮᠡᠨ ᠂ ᠬᠤᠳᠤᠭᠤᠳᠤ ᠶᠢᠨ ᠦᠮᠨᠨ ᠂ ᠡᠯᠢᠬᠡ ᠶᠢᠨ ᠦᠮᠡᠨ ᠂ ᠰᠦᠰᠦᠨ ᠦ ᠦᠮᠡᠨ ᠂ ᠨᠤᠢᠷ ᠤᠨ ᠪᠤᠯᠴᠢᠷᠬᠠᠢ ᠶᠢᠨ ᠦᠮᠡᠨ ᠂ ᠦᠨᠳᠡᠬᠡᠪᠴᠢ ᠶᠢᠨ ᠦᠮᠡᠨ ᠂ ᠪᠠᠮᠪᠠᠢ ᠪᠤᠯᠴᠢᠷᠬᠠᠢ ᠶᠢᠨ ᠦᠮᠠᠨ ᠂ ᠲᠡᠷᠢᠬᠢᠨ ᠪᠦᠷᠬᠦᠪᠴᠢ ᠶᠢᠨ ᠬᠠᠪᠤᠳᠠᠷ ᠂ ᠤᠯᠠᠨ ᠡᠬᠦᠰᠳᠡᠭ ᠴᠢᠮᠦᠬᠡ ᠶᠢᠨ ᠬᠠᠪᠤᠳᠠᠷ ᠂ ᠤᠯᠠᠭᠠᠨ ᠬᠤᠭᠤᠯᠠᠢ ᠶᠢᠨ ᠦᠮᠠᠨ ᠪᠤᠯᠤᠨ ᠪᠦᠬᠡᠷ᠎ᠠ ᠶᠢᠨ ᠦᠮᠠᠨ ᠵᠡᠷᠬᠡ ᠪᠤᠯᠤᠨ᠎ᠠ ᠃ ᠰᠤᠳᠤᠯᠤᠭᠴᠢᠳ ᠤᠨ ᠢᠯᠡᠷᠡᠬᠦᠯᠦᠭᠰᠡᠨ ᠢᠶᠡᠷ ᠂ ᠲᠡᠭᠡᠷ᠎ᠡ ᠲᠤᠷᠠᠳᠤᠭᠰᠨᠨ ᠤᠯᠠᠨ ᠵᠦᠢᠯ ᠦᠨ ᠦᠮᠠᠨ ᠤ ᠪᠠᠢᠳᠠᠯ ᠢᠶᠠᠷ ᠠᠪᠴᠤ ᠬᠡᠯᠡᠪᠡᠯ ᠂ ᠡᠷᠡᠭᠳᠡᠢ ᠬᠡᠰᠡᠨ ᠦᠬᠡᠢ ᠡᠮᠡᠭᠳᠡᠢ ᠬᠡᠰᠡᠨ ᠦᠬᠡᠢ ᠂ ᠬᠦᠮᠦᠨ ᠦ ᠪᠡᠶ᠎ᠠ ᠶᠢᠨ ᠦᠨᠳᠦᠷ ᠪᠠ ᠪᠠᠶ᠎ᠠ ᠶᠢᠨ ᠬᠦᠨᠳᠤ ᠶᠢᠨ ᠵᠢᠭᠠᠯᠳᠠ ᠲᠤᠭ᠎ᠠ (BMI) ᠬᠡᠳᠦᠢ ᠦᠨᠳᠦᠷ ᠪᠤᠯᠬᠤ ᠲᠤᠳᠤᠮ ᠦᠮᠡᠨ ᠳ᠋ᠤ ᠨᠡᠷᠪᠡᠭᠳᠡᠬᠦ ᠨᠢ ᠲᠦᠭᠰᠢᠬᠦᠷᠢ ᠲᠠᠳᠦᠢ ᠶᠡᠬᠡ ᠪᠠᠢᠳᠠᠭ ᠃ ᠲᠤᠰ ᠰᠤᠳᠤᠯᠭᠠᠨ ᠢ ᠡᠷᠬᠢᠯᠡᠨ ᠦᠷᠨᠢᠬᠦᠯᠦᠭᠰᠡᠨ ᠠᠮᠧᠷᠢᠺᠠ ᠶᠢᠨ ᠰᠠᠨ ᠯᠦᠶᠢᠰ ᠸᠠᠰᠢᠩᠲᠤᠨ ᠶᠡᠬᠡ ᠰᠤᠷᠭᠠᠭᠤᠯᠢ ᠶᠢᠨ ᠭᠷᠧᠢᠶᠧᠮ · ᠺᠤᠷᠳᠢᠰ ᠫᠷᠤᠹᠧᠰᠰᠤᠷ ᠄ 《ᠬᠡᠳᠦ ᠮᠠᠷᠢᠶ᠎ᠠ ᠲᠠᠢ ᠪᠤᠯᠵᠤ ᠦᠮᠡᠨ ᠡᠪᠡᠳᠴᠢᠨ ᠳ᠋ᠤ ᠨᠡᠷᠪᠡᠭᠳᠡᠬᠦ ᠪᠤᠯᠤᠮᠵᠢ ᠦᠩᠬᠡᠷᠡᠭᠰᠡᠨ ᠦ ᠲᠠᠭᠠᠮᠠᠭᠯᠠᠵᠤ ᠪᠠᠢᠭᠰᠠᠨ ᠡᠴᠠ ᠬᠤᠯᠠ ᠬᠦᠨᠳᠤ ᠨᠤᠴᠢᠳᠠᠢ 》 ᠬᠡᠵᠡᠢ ᠃

ᠲᠡᠬᠡᠪᠡᠯ ᠂ ᠬᠡᠳᠦ ᠮᠠᠷᠢᠶ᠎ᠠ ᠲᠠᠢ ᠨᠢ ᠶᠠᠭᠠᠬᠢᠭᠠᠳ ᠦᠮᠡᠨ ᠳ᠋ᠤ ᠨᠡᠷᠪᠡᠭᠳᠡᠬᠦ ᠪᠤᠯᠤᠮᠵᠢ ᠶᠢ ᠨᠡᠮᠡᠭᠳᠡᠬᠦᠯᠦᠭᠰᠡᠨ ᠪᠤᠢ ︖ ᠡᠨᠡ ᠲᠤᠬᠠᠢ ᠰᠤᠳᠤᠯᠤᠭᠴᠢᠳ ᠤᠨ ᠦᠵᠡᠬᠦ ᠪᠡᠷ ᠂ ᠤᠯᠠᠨ ᠲᠠᠯ᠎ᠠ ᠶᠢᠨ ᠰᠢᠯᠳᠠᠭᠠᠨ ᠪᠤᠢ ᠃ ᠬᠦᠮᠦᠨ ᠦ ᠪᠡᠶ᠎ᠠ ᠳ᠋ᠤ ᠠᠭᠤᠯᠤᠭᠳᠠᠬᠤ ᠶᠡᠬᠡ ᠬᠡᠮᠵᠢᠶᠠᠨ ᠤ ᠦᠬᠡᠬᠦ ᠨᠢ ᠬᠦᠮᠦᠨ ᠦ ᠪᠡᠶ᠎ᠠ ᠶᠢ ᠱᠠᠯᠪᠳᠠᠭᠤᠯᠤᠨ ᠶᠡᠬᠡ ᠬᠡᠮᠵᠢᠶᠠᠨ ᠤ ᠡᠮ᠎ᠠ ᠬᠤᠷᠮᠤᠨ ᠂ ᠲᠦᠮᠦᠰᠦᠨ ᠦ ᠡᠳ᠋ ᠂ ᠨᠤᠢᠷ ᠤᠨ ᠠᠷᠠᠯ ᠤᠨ ᠡᠳ᠋ ᠵᠡᠷᠬᠡ ᠶᠢ ᠢᠯᠭᠠᠷᠠᠭᠤᠯᠵᠤ ᠂ ᠦᠷᠪᠢᠰᠦᠯ ᠦᠨ ᠤᠷᠪᠠᠯ ᠢ ᠠᠬᠢᠭᠤᠯᠬᠤ ᠵᠡᠷᠬᠡ ᠪᠡᠷ ᠲᠡᠮᠵᠢᠨ ᠬᠠᠪᠤᠳᠠᠷ ᠤᠨ ᠦᠰᠴᠤ ᠤᠷᠭᠤᠬᠤ ᠪᠤᠯᠤᠮᠵᠢ ᠶᠢ ᠨᠡᠮᠡᠭᠳᠡᠬᠦᠯᠦᠨ᠎ᠠ ᠃ ᠬᠡᠬᠦ ᠳ᠋ᠡᠭᠡᠨ ᠂ ᠡᠨᠡ ᠲᠤᠬᠠᠢ ᠬᠡᠳᠦ ᠰᠠᠨᠠᠭᠠᠰᠢᠷᠠᠭᠰᠠᠨ ᠤ ᠬᠡᠷᠡᠭ ᠦᠬᠡᠢ ᠂ ᠠᠮᠢᠳᠦᠷᠠᠯ ᠤᠨ ᠠᠷᠭ᠎ᠠ ᠬᠡᠯᠪᠡᠷᠢ ᠂ ᠵᠢᠱᠢᠶᠡᠯᠡᠪᠡᠯ ᠂ ᠢᠳᠡᠵᠤ ᠤᠤᠭᠤᠬᠤ ᠲᠠᠯ᠎ᠠ ᠪᠠᠷ ᠠᠩᠬᠠᠷᠴᠤ ᠂ ᠪᠡᠶ᠎ᠠ ᠮᠠᠬᠠᠪᠤᠳ ᠢᠶᠠᠨ ᠦᠷᠬᠦᠯᠵᠢ ᠪᠤᠯᠪᠠᠰᠤᠷᠠᠭᠤᠯᠵᠤ ᠂ ᠲᠡᠮᠡᠬᠢ ᠲᠡᠳᠠᠬᠤ ᠦᠬᠡᠢ ᠪᠠᠢᠬᠤ ᠵᠡᠷᠬᠡ ᠨᠢ ᠴᠦᠮ ᠦᠮᠡᠨ ᠳ᠋ᠤ ᠨᠡᠷᠪᠡᠭᠳᠡᠬᠦ ᠲᠦᠭᠰᠢᠬᠦᠷᠢ ᠶᠢ ᠢᠯᠡᠳᠳᠡ ᠲᠤᠷᠤᠭᠰᠢᠯᠠᠭᠤᠯᠳᠠᠭ ᠶᠤᠮ ᠃

ᠢᠷᠡᠯᠲᠡ᠄ ᠦᠪᠦᠷ ᠮᠣᠩᠭᠣᠯ ᠤᠨ ᠡᠳᠦᠷ ᠦᠨ ᠰᠣᠨᠢᠨ

发胖可增加13种癌症风险

据新华社电世界卫生组织下属国际癌症研究机构的研究人员回顾了1000多项关于体重与癌症风险关系的研究,发现肥胖或超重会增加13种癌症的风险,包括子宫癌、乳腺癌、结肠癌、胃癌、肝癌、胆囊癌、胰腺癌、卵巢癌、甲状腺癌、脑膜瘤、多发性骨髓瘤、食道癌和肾癌。这一结果发表于美国《新英格兰医学杂志》周刊。研究人员在论文中写道,对上述多种癌症而言,身高体重指数(BMI)越高,患癌风险越大,无论男女。研究牵头人、美国圣路易斯华盛顿大学格雷厄姆·科尔迪茨教授说:“因超重或肥胖产生的癌症包袱比先前认为的沉重得多。”至于肥胖或超重会增加患癌风险的原因,研究人员认为有多方面,体内过量脂肪会让机体产生过量雌激素、睾丸素、胰岛素,促进炎症反应等,促使肿瘤生长。不过,小伙伴们也不必担心,科尔迪茨说:“生活方式,比如健康饮食、保持健康体重、坚持锻炼以及不吸烟对降低癌症风险有着显著影响。”

Posted in ᠠᠮᠢᠳᠤᠷᠠᠯ ᠤᠨ ᠬᠠᠨᠢ|生活之友 and tagged .