《ᠲᠠᠯ᠎ᠠ ᠨᠤᠲᠤᠭ ᠤᠨ ᠤᠯᠠᠭᠠᠨᠮᠦ᠋ᠴᠢᠷ》 ᠴᠦᠬᠡᠨ ᠲᠤᠭᠠᠲᠤ ᠦᠨᠳᠦᠰᠦᠲᠡᠨ ᠤ···《草原上的乌兰牧骑》参演第五届全国少数民族文艺会演

《ᠲᠠᠯ᠎ᠠ ᠨᠤᠲᠤᠭ ᠤᠨ ᠤᠯᠠᠭᠠᠨᠮᠦ᠋ᠴᠢᠷ》 ᠴᠦᠬᠡᠨ ᠲᠤᠭᠠᠲᠤ ᠦᠨᠳᠦᠰᠦᠲᠡᠨ ᠤ ᠤᠷᠠᠯᠢᠭ ᠤᠨ ᠴᠤᠬᠯᠠᠭᠠᠨ ᠳᠤ ᠤᠷᠤᠯᠴᠠᠪᠠ

ᠤᠷᠴᠢᠮ ᠪᠤᠯᠤᠭᠰᠠᠨ ᠲᠠᠪᠤᠳᠠᠬᠢ ᠬᠤᠭᠤᠴᠠᠭᠠᠨ ᠤ ᠴᠦᠬᠡᠨ ᠲᠤᠭᠠᠲᠤ ᠦᠨᠳᠦᠰᠦᠲᠡᠨ ᠤ ᠤᠷᠠᠯᠢᠭ ᠤᠨ ᠴᠤᠬᠯᠠᠭᠠᠨ ᠳᠤ ᠦᠪᠦᠷ ᠮᠣᠩᠭᠣᠯ ᠤᠨ ᠲᠦᠯᠦᠭᠡᠯᠡᠬᠦ ᠪᠠᠭ ᠤᠨ ᠳᠠᠭᠤᠤ ᠪᠦᠵᠢᠭᠲᠦ ᠵᠦᠴᠦᠭᠡ 《ᠲᠠᠯ᠎ᠠ ᠨᠤᠲᠤᠭ ᠤᠨ ᠤᠯᠠᠭᠠᠨᠮᠦ᠋ᠴᠢᠷ》 ᠪᠡᠭᠡᠵᠢᠩ ᠤᠨ ᠪᠤᠤ ᠯᠢ ᠲᠢᠶᠠᠲ᠋ᠷ ᠲᠦ ᠲᠤᠭᠯᠠᠭᠳᠠᠪᠠ᠃ ᠬᠥᠨᠭ᠍ᠭᠡᠨ ᠮᠤᠷᠢᠲᠤ ᠴᠡᠷᠢᠭ ᠬᠡᠮᠡᠭᠳᠡᠭᠰᠡᠨ ᠤᠯᠠᠭᠠᠨᠮᠦ᠋ᠴᠢᠷ ᠨᠢ ᠦᠪᠦᠷ ᠮᠣᠩᠭᠣᠯ ᠤᠨ ᠦᠪᠡᠷᠲᠡᠭᠡᠨ ᠵᠠᠰᠠᠬᠤ ᠤᠷᠤᠨ ᠤ ᠲᠠᠯ᠎ᠠ ᠨᠤᠲᠤᠠᠨ ᠲᠤ 《ᠨᠠᠶᠢᠭᠡᠮ ᠵᠢᠷᠤᠮᠲᠤ ᠰᠤᠶᠤᠯ ᠤᠨ ᠹᠷᠤᠨᠲ  ᠤᠨ ᠲᠤᠭ》ᠭᠡᠵᠦ ᠨᠡᠷᠡᠯᠡᠭᠳᠡᠭᠰᠡᠨ ᠪᠢᠯᠡ᠃ ᠤᠯᠠᠭᠠᠨᠮᠦ᠋ᠴᠢᠷ ᠭᠡᠵᠦ ᠰᠢᠭᠤᠷᠬᠠᠢ ᠠᠪᠰᠠᠷ ᠡᠨᠭᠨᠡᠭᠡ ᠲᠠᠢ᠂ ᠨᠢᠭᠡ ᠳᠤ ᠮᠡᠷᠭᠡᠰᠢᠵᠦ ᠤᠯᠠᠨ ᠳᠦ ᠴᠠᠭᠠᠷᠠᠭᠰᠠᠨ᠂ ᠲᠤᠭᠯᠠᠯᠲᠠ ᠶᠢᠨ ᠲᠦᠷᠦᠯ ᠰᠲ᠋ᠢᠯᠢ ᠨᠢ ᠤᠯᠠᠨ᠂ ᠬᠤᠪᠴᠠᠰᠤ ᠵᠠᠰᠠᠯ ᠨᠢ ᠬᠦᠩᠭᠡᠨ ᠲᠤᠬᠢᠯᠢᠭ ᠪᠠᠶᠢᠳᠠᠭ ᠢᠶᠡᠷ ᠢᠶᠡᠨ ᠦᠨᠳᠦᠰᠦᠨ ᠱᠠᠲᠤᠨ  ᠤ ᠮᠠᠯᠴᠢᠨ ᠲᠠᠷᠢᠶᠠᠴᠢᠳ  ᠤᠨ ᠬᠦᠷᠢᠶᠡᠯᠡᠯ ᠢ ᠤᠯᠵᠤ ᠬᠦᠳᠡᠭᠡ ᠤᠷᠤᠨ ᠨᠤᠲᠤᠭ ᠤᠨ ᠰᠤᠶᠤᠯ ᠤᠨ ᠦᠢᠯᠡᠴᠢᠯᠡᠭᠡᠨ ᠤ ᠭᠤᠤᠯ ᠬᠦᠴᠦᠨ ᠪᠤᠯᠵᠠᠢ᠃ (ᠳᠠᠳᠤᠯᠭ᠎ᠠ ᠶᠢᠨ ᠰᠤᠷᠤᠭᠴᠢ ᠬᠡᠤᠬᠡᠨᠰᠤᠯᠢ ᠤᠷᠴᠢᠭᠤᠯᠪᠠ)

ᠢᠷᠡᠯᠲᠡ ᠄ ᠰᠢᠨᠬᠤᠸᠠ ᠬᠣᠷᠢᠶ᠎ᠠ

草原上的乌兰牧骑》参演第五届全国少数民族文艺会演

近日,由内蒙古民族艺术剧院编排创作的情景歌舞《草原上的乌兰牧骑》参加第五届全国少数民族文艺会演,在北京保利剧院倾情演出,呈现乌兰牧骑艺术的民族美、淳朴美和简约美。

Posted in ᠰᠤᠶᠤᠯ ᠤᠷᠠᠯᠢᠭ |文化信息 and tagged .