ᠢᠷᠡᠭᠡᠳᠤᠢ ᠳ᠋ᠤ ᠪᠢᠳᠡ ᠪᠦᠷ ᠤᠶᠤᠨᠴᠢ ᠬᠤᠪᠴᠠᠰᠤ ᠵᠠᠰᠠᠯ ᠡᠲᠯᠡᠬᠦ ᠪᠤᠯᠤᠨ᠎ᠠ 未来,我们可以穿智能服装

 

ᠢᠷᠡᠭᠡᠳᠤᠢ ᠳ᠋ᠤ ᠪᠢᠳᠡ ᠪᠦᠷ ᠤᠶᠤᠨᠴᠢ ᠬᠤᠪᠴᠠᠰᠤ ᠵᠠᠰᠠᠯ ᠡᠲᠯᠡᠬᠦ ᠪᠤᠯᠤᠨ᠎ᠠ

ᠷᠢᠦ᠋ ᠳ᠋ᠢ ᠿᠧᠨ᠋᠋ᠧᠶᠢᠷᠦ᠋  ᠶᠢᠨ ᠤᠯᠢᠮᠫᠢᠺ ᠤᠨ ᠴᠤᠭᠯᠠᠭᠠᠨ ᠤ ᠲᠠᠮᠢᠷᠴᠢᠳ ᠽᠢᠺᠠ ᠸᠢᠷᠦᠰ ᠢ ᠰᠡᠷᠭᠡᠢᠯᠡᠬᠦ ᠵᠢᠨ ᠲᠦᠯᠦᠭᠡ ᠂ ᠮᠢᠺᠷᠤᠪ ᠢ ᠡᠰᠡᠷᠬᠦᠴᠡᠬᠦ ᠮᠡᠷᠭᠡᠵᠢᠯ ᠬᠡᠷᠡᠭᠯᠡᠭᠰᠡᠨ ᠲᠤᠰᠬᠠᠢ ᠬᠤᠪᠴᠠᠰᠤ ᠡᠮᠦᠰᠴᠦ ᠰᠢᠮᠠᠭᠤᠯ ᠪᠠᠳᠠᠭᠠᠨ᠎ᠠ  ᠡᠴᠡ ᠪᠤᠯᠭᠤᠮᠵᠢᠯᠠᠭᠰᠠᠨ ᠭᠡᠳᠡᠭ ᠃
  ᠠᠮᠢᠳᠤ ᠪᠤᠳᠠᠰ ᠤᠨ ᠮᠡᠷᠭᠡᠵᠢᠯ ᠦᠨ ᠬᠡᠷᠡᠭᠯᠡᠯᠲᠡ ᠪᠤᠯ ᠤᠷᠴᠢᠮ ᠤᠨ ᠵᠢᠯ ᠳ᠋ᠤ ᠪᠤᠯᠵᠤ ᠪᠠᠢᠭ᠎ᠠ ᠬᠤᠪᠴᠠᠰᠤ ᠵᠠᠰᠠᠯ ᠬᠢᠭᠡᠳ ᠰᠢᠨᠵᠢᠯᠡᠬᠦ ᠤᠬᠠᠭᠠᠨ ᠮᠡᠷᠭᠡᠵᠢᠯ ᠦᠨ ᠤᠶᠠᠯᠳᠤᠯ ᠤᠨ ᠨᠢᠭᠡᠨ ᠬᠤᠷᠢᠶᠠᠩᠭᠤᠢᠯᠠᠯ ᠲᠡᠳᠤᠢ ᠶᠤᠮ ᠃
  ᠡᠮᠦᠰᠭᠡᠯ ᠲᠦᠬᠦᠭᠡᠷᠤᠮᠵᠢ ᠵᠢᠨ ᠬᠠᠯᠠᠭᠤᠷᠠᠯ ᠪᠠᠭᠤᠪᠴᠢ ᠂ ᠨᠢᠳᠤᠨ ᠰᠢᠯ ᠡᠴᠡ ᠬᠤᠪᠴᠠᠰᠤ ᠵᠠᠰᠠᠯ ᠳ᠋ᠤ ᠬᠦᠷᠲᠡᠯ᠎ᠡ ᠨᠡᠪᠴᠢᠬᠦ ᠵᠢ ᠲᠠᠭᠠᠯᠳᠤᠨ ᠂ ᠰᠢᠨᠵᠢᠯᠡᠬᠦ ᠤᠬᠠᠭᠠᠨ ᠮᠡᠷᠭᠡᠵᠢᠯ ᠂ ᠢᠨᠲ᠋ᠧᠷ ᠰᠦᠯᠵᠢᠶ᠎ᠡ ᠵᠢ ᠬᠤᠪᠴᠠᠰᠤ ᠵᠠᠰᠠᠯ ᠳ᠋ᠤ ᠠᠭᠤᠰᠬᠠᠵᠤ ᠬᠡᠷᠡᠭᠯᠡᠭᠰᠡᠨ ᠶᠠᠪᠤᠳᠠᠯ  ᠨᠢ ᠬᠤᠪᠴᠠᠰᠤ ᠵᠠᠰᠠᠯ ᠤᠨ ᠲᠤᠬᠠᠢ ᠬᠦᠮᠦᠰ ᠦᠨ ᠲᠦᠰᠦᠭᠡᠯᠡᠨ ᠪᠤᠳᠤᠯᠳᠠ ᠵᠢ ᠦᠷᠭᠡᠵᠢᠬᠦᠯᠦᠭᠰᠡᠨ ᠵᠢᠡᠷ ᠪᠠᠷᠠᠬᠤ  ᠦᠭᠡᠢ ᠪᠠᠰᠠ ᠡᠳᠡᠭᠡᠳ ᠭᠤᠢᠳᠠ ᠬᠤᠪᠴᠠᠰᠤ ᠵᠠᠰᠠᠯ ᠡᠲᠯᠡᠬᠦ ᠬᠦᠰᠡᠯ ᠮᠦᠷᠦᠭᠡᠳᠤᠯ ᠢ ᠨᠢ ᠴᠦ ᠪᠡᠶᠡᠯᠡᠬᠦᠯᠵᠤ ᠦᠭᠬᠦᠭᠰᠡᠨ ᠠᠵᠢ ᠃ ᠬᠡᠯᠡᠯᠭᠡᠨ  ᠦᠭᠡᠢ ᠂ ᠤᠶᠤᠨᠴᠢ ᠬᠤᠪᠴᠠᠰᠤ ᠵᠠᠰᠠᠯ ᠢ ᠤᠯᠠᠮ ᠴᠢᠨᠠᠭᠰᠢᠲᠠ ᠬᠦᠭᠵᠢᠬᠦᠯᠦᠶ᠎ᠡ ᠬᠡᠪᠡᠯ ᠮᠡᠷᠭᠡᠵᠢᠯ ᠦᠨ ᠰᠤᠳᠤᠯᠭᠠᠨ ᠪᠠ ᠮᠠᠲ᠋ᠧᠷᠢᠶᠠᠯ ᠤᠨ ᠨᠡᠭᠡᠭᠡᠨ ᠬᠦᠭᠵᠢᠬᠦᠯᠦᠯᠲᠡ ᠵᠢᠨ ᠲᠠᠯ᠎ᠠ ᠪᠠᠷ ᠨᠡᠩ ᠶᠡᠭᠡ ᠬᠦᠴᠦᠨ ᠤᠷᠤᠭᠤᠯᠬᠤ ᠴᠢᠬᠤᠯᠠᠲᠠᠢ ᠶᠤᠮ ᠃
   ᠲᠠᠭᠤᠤ ᠰᠤᠨᠤᠰᠬᠤ ᠂ ᠤᠳᠠᠰᠤᠳᠠᠬᠤ ᠂ ᠪᠡᠶ᠎ᠡ ᠵᠢᠨ ᠬᠦᠳᠡᠯᠭᠡᠭᠡᠨ ᠡᠷᠡᠬᠦᠯ ᠮᠡᠨᠳᠤ ᠵᠢᠨ ᠲᠤᠭ᠎ᠠ ᠪᠠᠷᠢᠮᠲᠠ  ᠪᠡᠨ ᠬᠡᠮᠵᠢᠬᠦ᠁ ᠤᠶᠤᠨᠴᠢ ᠬᠤᠪᠴᠠᠰᠤ ᠵᠠᠰᠠᠯ ᠨᠢ ᠡᠮᠦᠰᠭᠡᠯ ᠲᠦᠬᠦᠭᠡᠷᠤᠮᠵᠢ ᠵᠢᠨ ᠲᠠᠷᠠᠭᠠᠴᠢ ᠵᠢᠨ ᠠᠯᠬᠤᠮ ᠤᠨ ᠬᠠᠷᠠᠯᠲᠠ ᠪᠤᠯᠬᠤ ᠪᠤᠯᠤᠮᠵᠢ ᠶᠡᠭᠡ ᠪᠤᠢ ᠃
   ᠰᠢᠨᠵᠢᠯᠡᠬᠦ ᠤᠬᠠᠭᠠᠨ ᠮᠡᠷᠭᠡᠵᠢᠯ ᠨᠢ ᠬᠤᠪᠴᠠᠰᠤ ᠵᠠᠰᠠᠯ ᠤᠨ ᠲᠤᠳᠠᠭᠳᠠᠵᠤ ᠪᠤᠯᠤᠰᠢ  ᠦᠭᠡᠢ ᠡᠯᠧᠮᠧᠨ᠋ᠲ ᠪᠤᠯᠵᠤ ᠂ ᠴᠢᠨᠠᠭᠰᠢᠯᠠᠭᠠᠳ ᠴᠠᠭ ᠤᠨ ᠤᠷᠤᠰᠬᠠᠯ ᠢ ᠴᠤ ᠬᠦᠲᠦᠯᠦᠨ ᠲᠠᠭᠠᠭᠤᠯᠵᠤ ᠪᠠᠢᠨ᠎ᠠ ᠃

      ᠢᠷᠡᠯᠳᠡ᠄ ᠠᠷᠠᠳ ᠤᠨ ᠰᠦᠯᠵᠢᠶ᠎ᠡ

未来,我们可以穿智能服装

为了预防潜在的寨卡病毒,一些参加里约奥运会的运动员穿上了特制的应用抗微生物技术的服装,以抵御蚊虫叮咬。
  生物技术的应用只是近年来服装与科技结合的一个缩影。随着可穿戴设备的热潮从手环、眼镜等蔓延到服装领域,科技、互联网的融入拓展了人们对服装的想象,也满足了人们对个性化服装的期待。当然,智能服装想要进一步发展,还需要在技术研究和材料开发上有更多作为。
  听音乐、打电话、监测运动健康数据,智能服装有望成为可穿戴设备的下一个风口
  科技,正成为服装不可或缺的因素,甚至引领时尚潮流。

                                    来源: 人民网

Posted in ᠠᠮᠢᠳᠤᠷᠠᠯ ᠤᠨ ᠬᠠᠨᠢ|生活之友 and tagged .