ᠹᠦᠵᠢ ᠠᠭᠤᠯᠠ 富士山

ᠹᠦᠵᠢ ᠠᠭᠤᠯᠠ
    ᠪᠠ᠊ ᠂ ᠪᠣᠯᠣᠳ
ᠴᠠᠪ ᠴᠠᠭᠠᠨ ᠹᠦᠵᠢ ᠠᠭᠤᠯᠠ
ᠴᠠᠭᠠᠨ᠎ᠠ ᠪᠠᠨ ᠨᠢᠭᠡ ᠯᠠ ᠲᠠᠢᠪᠤᠭᠤᠬᠠᠨ
ᠮᠤᠩᠭᠤᠯ ᠭᠡᠷ ᠦᠨ ᠤᠷᠤᠢ ᠰᠢᠭ
ᠰᠡᠳᠭᠢᠯ ᠳ᠋ᠦ ᠨᠢᠭᠡ ᠯᠠ ᠳᠤᠯᠠᠭᠠᠬᠠᠨ
ᠬᠠᠨ᠎ᠠ ᠪᠠᠷ ᠨᠢ ᠦᠳᠭᠡᠨ ᠤᠢ ᠰᠡᠬᠦᠢᠭᠰᠡᠨ ᠪᠤᠯᠬᠤᠷ
ᠲᠤᠭᠤᠷᠠᠭ᠎ᠠ ᠨᠢ ᠦᠵᠡᠭᠳᠡᠳᠡᠭ  ᠦᠭᠡᠢ
ᠡᠩᠭᠡᠷ ᠲᠦ ᠨᠢ ᠡᠭᠦᠯᠡ ᠬᠤᠷᠭᠤᠳᠠᠳᠠᠭ ᠪᠤᠯᠬᠤᠷ
ᠡᠭᠦᠳᠡ ᠨᠢ ᠤᠯᠲᠠᠲᠠᠭ ᠦᠭᠡᠢ
ᠡᠷᠦᠬᠡ ᠶᠢ ᠨᠢ ᠨᠠᠷᠠ ᠰᠡᠬᠦᠳᠡᠭ ᠪᠤᠯᠬᠤᠷ
ᠲᠤᠭᠤᠨᠤ  ᠨᠢ ᠬᠠᠷᠠᠭᠲᠠᠲᠠᠭ ᠦᠭᠡᠢ
ᠤᠲᠤᠭ᠎ᠠ ᠨᠢ ᠤᠩᠭᠤᠨ ᠴᠡᠩᠬᠡᠷ ᠪᠤᠯᠬᠤᠷ
ᠣᠭᠲᠠᠷᠭᠤᠢ ᠳ᠋ᠤ ᠰᠢᠩᠭᠡᠨ ᠠᠷᠢᠭᠤᠰᠳᠠᠭ
ᠭᠠᠩᠭᠠᠩ ᠲᠠᠭᠢᠨᠢ ᠰᠠᠬᠢᠨ ᠰᠠᠭᠤᠳᠠᠭ ᠪᠤᠯᠬᠤᠷ
ᠲᠣᠯᠢᠨ ᠨᠠᠭᠤᠷ ᠲᠠᠪᠤᠨ ᠲᠠᠯ᠎ᠠ ᠳ᠋ᠤ ᠨᠢ ᠭᠢᠯᠠᠯᠵᠠᠳᠠᠭ
ᠰᠠᠷᠠ ᠨᠢ ᠤᠳᠤᠳ ᠲᠠᠢ ᠢᠶᠠᠨ ᠰᠥᠨᠢᠵᠢᠨ ᠠᠷᠭᠠᠲᠠᠲᠠᠭ ᠪᠤᠯᠬᠤᠷ
ᠰᠠᠯᠬᠢ ᠨᠢ ᠬᠦᠷᠲᠡᠯ᠎ᠡ ᠵᠡᠭᠦᠳᠦᠨ ᠳ᠋ᠦ ᠪᠡᠨ ᠮᠢᠰᠢᠶᠡᠳᠡᠭ
ᠮᠦᠩᠭᠦᠨ ᠲᠡᠭᠡᠪᠦᠷ ᠲᠡᠢ ᠹᠦᠵᠢ ᠬᠠᠢᠷᠬᠠᠨ ᠮᠢᠨᠢ
ᠨᠠᠳᠠ ᠳ᠋ᠤ ᠪᠠᠨ ᠯᠠ ᠲᠡᠭᠡᠵᠦ ᠰᠠᠨᠠᠭᠲᠠᠲᠠᠭ ᠪᠤᠯᠬᠤᠷ
ᠭᠡᠷ ᠢᠶᠡᠨ ᠡᠭᠦᠷᠦᠭᠡᠳ ᠢᠷᠡᠴᠢᠬᠡᠭᠰᠡᠨ ᠮᠡᠲᠦ
ᠬᠦᠮᠦᠨ ᠦ ᠨᠤᠲᠤᠭ ᠲᠤ ᠪᠢ ᠴᠤᠴᠠᠷᠠᠳᠠᠭ ᠦᠭᠡᠢ
ᠨᠤᠲᠤᠭ ᠢᠶᠠᠨ ᠡᠪᠦᠷᠯᠠᠭᠡᠳ ᠢᠷᠡᠴᠢᠬᠡᠭᠰᠡᠨ ᠪᠣᠯᠬᠤᠷ
ᠬᠦᠨᠳᠡᠯᠡᠨ ᠭᠠᠵᠠᠷ ᠪᠢ ᠭᠠᠭᠴᠠᠭᠠᠷᠳᠠᠭ ᠦᠭᠡᠢ
ᠴᠠᠪ ᠴᠠᠭᠠᠨ ᠹᠦᠵᠢ ᠠᠭᠤᠯᠠ
ᠴᠠᠭᠠᠨ᠎ᠠ ᠪᠠᠨ ᠨᠢᠭᠡ ᠯᠠ ᠲᠠᠢᠪᠤᠭᠤᠬᠠᠨ
ᠮᠤᠩᠭᠤᠯ ᠭᠡᠷ ᠦᠨ ᠤᠷᠤᠢ ᠰᠢᠭ
ᠰᠡᠳᠭᠢᠯ ᠳ᠋ᠦ ᠨᠢᠭᠡ ᠯᠠ ᠳᠤᠯᠠᠭᠠᠬᠠᠨ
     2015.12.31
          
 ᠢᠷᠡᠯᠳᠡ᠄ ᠦᠪᠦᠷ ᠮᠣᠩᠭᠣᠯ ᠤᠨ《 ᠭᠢᠶᠠᠨ 》ᠮᠣᠩᠭᠣᠯ ᠬᠢᠲᠠᠳ ᠬᠤᠤᠰ ᠬᠡᠯᠡᠨ ᠦ ᠶᠡᠷᠦᠩᠬᠡᠢᠯᠡᠭᠰᠡᠨ ᠰᠤᠷᠠᠭ ᠵᠠᠩᠭᠢ ᠶᠢᠨ ᠲᠣᠣᠷ ᠰᠦᠯᠵᠢᠶ᠎ᠡ

 
Posted in ᠤᠷᠠᠨ ᠵᠤᠬᠢᠶᠠᠯ |作品赏析 and tagged .