ᠪᠥᠬᠡ ᠶᠢᠨ ᠭᠡᠷᠭᠡᠢ ᠶᠢᠨ ᠪᠡᠯᠡᠭ搏克手爱人的祝福

ᠪᠦᠬᠡ ᠰᠤᠳᠤᠯᠤᠭᠠᠴᠢ ᠂ ᠢᠷᠠᠭᠤ ᠨᠠᠢᠷᠠᠭᠴᠢ᠄ ᠪᠠ᠊ ᠂ ᠪᠣᠯᠣᠳ

ᠪᠦᠬᠡ ᠰᠤᠳᠤᠯᠤᠭᠠᠴᠢ ᠪᠠ᠊ ᠂ ᠪᠣᠯᠣᠳ ᠠᠯᠤᠰ ᠬᠤᠯᠠ ᠶᠠᠫᠤᠨ ᠤᠯᠤᠰ ᠲᠤ ᠠᠯᠢ ᠤᠯᠠᠨ ᠠᠵᠢᠯ ᠳᠤ ᠶᠠᠭᠠᠷᠠᠨ ᠦᠨᠡᠬᠡᠷ《ᠤᠨᠠᠭᠰᠠᠨ ᠮᠠᠯᠠᠭᠠᠢ ᠪᠠᠨ ᠠᠪᠬᠤ ᠵᠠᠪ ᠦᠬᠡᠢ》ᠪᠠᠢᠳᠠᠭ ᠴᠦ᠂ᠮᠤᠨᠭᠭᠤᠯ ᠪᠦᠬᠡ ᠪᠡᠨ ᠤᠬᠠᠭᠤᠯᠤᠨ ᠲᠠᠨᠢᠯᠴᠠᠭᠤᠯᠵᠦ᠂ᠰᠤᠳᠤᠯᠤᠨ ᠬᠦᠭᠵᠢᠬᠦᠯᠬᠦ ᠠᠵᠢᠯ ᠢᠶᠠᠨ ᠡᠷᠴᠢᠮᠲᠠᠢ ᠬᠢᠬᠦ ᠶᠢᠨ ᠵᠡᠷᠬᠡᠪᠡᠷ ᠪᠦᠬᠡ ᠶᠢᠨ ᠳᠤᠬᠠᠢ ᠤᠯᠠᠨ ᠰᠠᠢᠬᠠᠨ ᠢᠷᠠᠭᠤ ᠨᠠᠢᠷᠠᠭ ᠪᠢᠴᠢᠨ ᠨᠡᠢᠳᠡᠯᠡᠬᠦᠯᠵᠦ ᠤᠨᠭᠰᠢᠭᠴᠢ ᠳᠦᠮᠡᠨ ᠦ ᠬᠦᠷᠢᠶᠡᠯᠡᠯ ᠢ ᠤᠯᠤᠭᠰᠠᠭᠠᠷ ᠢᠷᠡᠵᠡᠢ᠃

ᠡᠨᠳᠡ ᠳᠡᠬᠦᠨ ᠦ 《 ᠪᠦᠪᠠᠢ ᠳᠡᠯᠡᠬᠡᠢ 》ᠢᠷᠠᠭᠤ ᠨᠠᠢᠷᠠᠭ ᠤᠨ ᠨᠠᠭᠠᠳᠤᠮ ᠳᠤ ᠱᠠᠨᠭᠨᠠᠯ ᠤᠯᠤᠭᠰᠠᠨ ᠰᠢᠨᠡᠬᠡᠨ ᠪᠦᠳᠦᠬᠡᠯ ᠡᠴᠡ ᠨᠡᠢᠳᠡᠯᠡᠬᠦ ᠪᠡᠷ ᠪᠣᠯᠤᠯ᠎ᠠ᠂ᠲᠠ ᠤᠯᠠᠨ ᠳᠤ ᠲᠠᠭᠠᠯᠠᠭᠳᠠᠬᠤ ᠪᠤᠯᠳᠤᠭᠠᠢ᠃

ᠢᠷᠡᠯᠲᠡ᠄ ᠦᠪᠦᠷ ᠮᠤᠨᠭᠭᠤᠯ ᠤᠨ ᠬᠢᠶᠠᠨ ᠰᠦᠯᠵᠢᠶ᠎ᠡ

 

ᠪᠥᠬᠡ ᠶᠢᠨ ᠭᠡᠷᠭᠡᠢ ᠶᠢᠨ ᠪᠡᠯᠡᠭ      
          ᠪᠠ᠊ ᠂ ᠪᠣᠯᠣᠳ
ᠨᠠᠭᠠᠳᠤᠮ ᠳ᠋ᠤ ᠮᠤᠷᠳᠠᠭᠰᠠᠨ ᠥᠷᠯᠥᠭᠡ ᠨᠢ
ᠰᠦᠨ ᠰᠠᠴᠤᠯᠢ ᠪᠠᠨ ᠡᠷᠭᠦᠨ ᠡᠷᠭᠦᠨ ᠦᠳᠡᠨ᠎ᠡ
ᠨᠠᠷᠠ ᠲᠡᠭᠡᠭᠰᠢᠯᠡᠭᠡᠳ ᠢᠷᠡᠬᠦᠯᠡᠷ  ᠨᠢ
ᠵᠠᠭᠠᠮ᠎ᠠ ᠲᠠᠢ ᠬᠤᠪᠴᠠᠰᠦ ᠰᠠᠨᠠᠨ ᠰᠠᠨᠠᠨ ᠮᠤᠰᠭᠢᠨ᠎ᠠ
ᠡᠷᠲᠡᠬᠡᠨ ᠯᠠ ᠪᠤᠴᠠᠵᠤ ᠢᠷᠡᠭᠡᠰᠡᠢ ᠳ᠋ᠠ ᠭᠡᠳ
ᠠᠯᠥᠰ ᠤᠨ ᠪᠠᠷ᠎ᠠ ᠪᠠᠢᠨ ᠪᠠᠢᠨ ᠰᠠᠷᠠᠪᠴᠢᠯᠠᠨ᠎ᠠ
ᠬᠠᠷᠢᠬᠤ ᠨᠢ ᠤᠳᠠᠪᠠᠯ ᠲᠠᠪᠠᠵᠤ ᠯᠠ ᠪᠠᠢᠭ᠎ᠠ ᠪᠢᠵᠡ ᠭᠡᠳ
ᠬᠠᠢᠷᠠᠲᠤ ᠬᠠᠨᠢ ᠪᠠᠨ ᠢᠲᠡᠭᠡᠨ ᠢᠲᠡᠭᠡᠨ ᠬᠦᠯᠢᠶᠠᠨ᠎ᠠ
ᠪᠡᠷᠲᠡᠬᠦ ᠦᠭᠡᠢ ᠯᠠ ᠪᠣᠯ ᠶᠠᠭᠠᠬᠢᠬᠤᠪ ᠳ᠋ᠠ ᠭᠡᠳ
ᠬᠣᠷᠯᠣ ᠲᠣᠭᠣᠨᠣ ᠪᠠᠷ ᠪᠠᠨ ᠬᠠᠷᠠᠨ ᠬᠠᠷᠠᠨ ᠪᠣᠳᠤᠨ᠎ᠠ
ᠲᠠᠭᠠᠭᠠᠳ ᠶᠠᠪᠤᠭᠰᠠᠨ ᠴᠤ ᠪᠣᠯ ᠲᠠᠭᠠᠷᠠᠵᠠᠢ ᠳ᠋ᠠ ᠭᠡᠳ
ᠲᠠᠩᠴᠤ ᠬᠣᠯᠠᠭᠤᠷ ᠬᠠᠷᠠᠮᠯᠠᠨ ᠬᠠᠷᠠᠮᠯᠠᠨ ᠰᠠᠨᠠᠨ᠎ᠠ
ᠵᠠᠬᠢᠭᠰᠠᠨ ᠶᠠᠭᠤᠮ᠎ᠠ ᠶᠢ ᠮᠢᠨᠢ ᠪᠦᠦ ᠯᠡ ᠮᠠᠷᠲᠠᠴᠢᠬ᠎ᠠ ᠳ᠋ᠠ ᠭᠡᠳ
ᠬᠠᠷᠠᠬᠠᠨ ᠭᠡᠵᠢᠭᠡ ᠪᠡᠨ ᠰᠠᠮᠨᠠᠨ ᠰᠠᠮᠨᠠᠨ ᠰᠠᠭᠤᠨ᠎ᠠ
ᠪᠥᠬᠡ ᠬᠦᠮᠦᠨ ᠦ ᠡᠷᠦᠬᠡ ᠶᠢ ᠲᠠᠲᠠᠬᠤ
ᠪᠦᠰᠡᠭᠦᠢ ᠬᠦᠮᠦᠨ ᠦ ᠥᠨᠳᠦᠷ ᠵᠠᠶᠠᠭ᠎ᠠ
ᠪᠦᠬᠡ ᠬᠦᠮᠦᠨ ᠳ᠋ᠦ ᠬᠠᠢᠷ᠎ᠠ ᠪᠠᠨ ᠦᠭᠬᠦ
ᠪᠦᠰᠡᠭᠦᠢ ᠬᠦᠮᠦᠨ ᠦ ᠰᠦᠨ ᠵᠠᠶᠠᠭ᠎ᠠ
ᠨᠠᠭᠠᠳᠤᠮ ᠡᠴᠠ ᠢᠷᠡᠬᠦ ᠪᠣᠯᠭᠠᠨ ᠳ᠋ᠤ ᠨᠢ
ᠡᠩᠭᠡᠷ ᠲᠦ ᠨᠢ ᠦᠭᠡ ᠦᠭᠡᠢ ᠨᠠᠭᠠᠯᠳᠤᠳᠠᠭ
ᠪᠦᠰᠡᠭᠦᠢ ᠬᠦᠮᠦᠨ ᠦ ᠡᠷᠬᠡ ᠵᠠᠶᠠᠭ᠎ᠠ
ᠲᠠᠷᠠᠭ᠎ᠠ ᠵᠢᠯ ᠦᠨ ᠨᠠᠭᠠᠳᠤᠮ
ᠨᠢᠭᠡ ᠯᠠ ᠮᠡᠳᠡᠬᠦ ᠳ᠋ᠦ ᠢᠷᠡᠯ᠎ᠡ
ᠶᠠᠭᠤ ᠨᠢᠭᠡ ᠬᠡᠯᠡᠬᠦ ᠭᠡᠰᠡᠨ ᠢᠶᠡᠨ
ᠪᠣᠷᠣᠬᠠᠨ ᠴᠢᠷᠠᠢ ᠪᠠᠨ ᠤᠯᠠᠢᠯᠭᠠᠭᠰᠠᠭᠠᠷ
ᠵᠦᠯᠭᠡ ᠨᠣᠭᠣᠭᠠᠨ ᠲᠡᠪᠵᠢᠶ᠎ᠡ ᠰᠢᠭ
ᠵᠦᠢᠳᠡᠯ ᠦᠭᠡᠢ ᠲᠤᠷᠭᠠᠨ ᠲᠡᠷᠯᠢᠭ ᠢᠶᠡᠨ
ᠵᠢᠷᠦᠬᠡᠨ ᠦ ᠬᠠᠨᠢ ᠳ᠋ᠤ ᠪᠠᠨ ᠦᠭᠡ ᠦᠭᠡᠢ ᠪᠠᠷᠢᠪᠠ
ᠵᠠᠬᠢᠭᠠᠳ ᠪᠠᠢᠭᠰᠠᠨ ᠪᠡᠯᠡᠭ ᠦᠨ ᠤᠴᠢᠷ ᠢ
ᠵᠠᠯᠠᠭᠤ ᠪᠥᠬᠡᠴᠢᠨ ᠣᠳᠣ ᠯᠠ ᠮᠡᠳᠡᠪᠡ
ᠵᠠᠪᠰᠠᠷ ᠦᠭᠡᠢ ᠨᠠᠭᠠᠯᠳᠤᠭᠰᠠᠨ ᠭᠡᠷᠭᠡᠢ ᠶᠢᠨ ᠪᠡᠨ
ᠵᠠ ᠮᠠᠩᠨᠠᠢ  ᠲᠠᠭᠡᠷ᠎ᠡ ᠨᠢ ᠵᠥᠭᠡᠯᠡᠨ ᠦᠨᠦᠰᠬᠦ ᠳ᠋ᠦ
ᠪᠤᠯᠪᠠᠷᠠᠢ ᠭᠡᠷᠭᠡᠢ ᠶᠢᠨ ᠪᠡᠨ ᠰᠢᠪᠡᠨᠡᠭᠡ  ᠡᠴᠡ
ᠪᠤᠷᠬᠠᠨ ᠤ ᠪᠡᠯᠡᠭ ᠲᠠᠪᠬᠤᠷ ᠲᠣᠰᠣᠭᠰᠠᠨ ᠢᠶᠠᠨ ᠮᠡᠳᠡᠪᠡ
ᠲᠡᠭᠷᠢ ᠰᠢᠭ ᠲᠠᠢᠪᠤᠢᠬᠠᠨ ᠪᠥᠬᠡᠴᠢᠨ ᠡᠷ᠎ᠡ
ᠲᠡᠯᠡᠬᠡᠢ ᠪᠡᠨ ᠪᠥᠪᠠᠢᠯᠠᠨ ᠲᠡᠪᠡᠷᠢᠭᠰᠡᠨ ᠮᠡᠲᠦ
ᠬᠣᠷᠸ᠎ᠠ ᠳ᠋ᠤ ᠭᠠᠭᠴᠠᠬᠠᠨ ᠬᠠᠨᠢ ᠶᠢᠨ ᠪᠠᠨ
ᠪᠠᠷᠠᠭᠤᠨ ᠬᠠᠴᠠᠷ ᠲᠡᠭᠡᠷ᠎ᠡ ᠨᠢ ᠲᠠᠬᠢᠨ ᠦᠨᠦᠰᠪᠠ
ᠲᠠᠷᠢᠭᠦᠯᠡᠵᠦ ᠢᠷᠡᠭᠡᠳ ᠵᠡᠭᠦᠨ ᠬᠠᠴᠠᠷ ᠢ ᠴᠢᠨᠢ︕ ᠭᠡᠴᠢᠬᠡᠭᠡᠳ
ᠨᠠᠷᠠᠨ ᠵᠦᠪ ᠡᠷᠭᠢᠭᠡᠳ ᠲᠠᠪᠬᠢᠨ ᠣᠳᠪᠠ
ᠨᠠᠢ᠍ᠮᠠᠨ ᠵᠦᠭ ᠲᠦ ᠢᠶᠡᠨ ᠰᠦ᠋ ᠪᠡᠨ ᠡᠷᠭᠦᠭᠰᠡᠭᠡᠷ
ᠨᠠᠭᠠᠳᠤᠮ ᠨᠠᠭᠠᠳᠤᠮ ᠡᠴᠠ ᠤᠴᠢᠷ  ᠲᠠᠢ ᠵᠣᠨ
ᠪᠥᠬᠡ ᠶᠢᠨ ᠭᠡᠷᠭᠡᠢ ᠵᠢᠷᠭᠠᠯ ᠬᠦᠯᠢᠶᠡᠨ ᠬᠤᠴᠤᠷᠠᠪᠠ
        2016.03.16
《ᠵᠠ》ᠪᠣᠯ《ᠵᠢᠵᠢᠭ᠂ ᠵᠢᠵᠢᠭᠬᠡᠨ᠂ ᠪᠠᠭ᠎ᠠ᠂ ᠵᠢᠭᠠᠯ》ᠵᠡᠷᠭᠡ ᠤᠳᠬ᠎ᠠ ᠪᠦᠬᠦᠢ
   ᠪᠤᠷᠢᠶᠠᠳ ᠠᠶᠠᠯᠭ᠎ᠠ᠃

 
Posted in ᠤᠷᠠᠨ ᠵᠤᠬᠢᠶᠠᠯ |作品赏析 and tagged .