ᠦᠶᠤᠧᠠᠨ ᠰᠢᠶᠠᠨ ᠤ《 ᠮᠤᠩᠭᠤᠯ ᠦᠨᠳᠦᠰᠦᠳᠡᠨ ᠦ ᠵᠠᠩ ᠦᠢᠯᠡ ··五原县首家村“蒙古民俗馆”近日落成

 

ᠦᠶᠤᠧᠠᠨ ᠰᠢᠶᠠᠨ ᠤ《 ᠮᠤᠩᠭᠤᠯ ᠦᠨᠳᠦᠰᠦᠳᠡᠨ ᠦ ᠵᠠᠩ ᠦᠢᠯᠡ ᠶᠢᠨ ᠤᠷᠳᠤᠨ》 ᠪᠠᠷᠢᠯᠭ᠎ᠠ ᠲᠡᠭᠦᠰᠪᠡ

ᠤᠢᠷ᠎ᠠ ᠳ᠋ᠤ᠂ ᠦᠶᠤᠧᠠᠨ ᠰᠢᠶᠠᠨ ᠤ ᠠᠩᠬᠠᠳᠠᠭᠴᠢ 《 ᠮᠤᠩᠭᠤᠯ ᠦᠨᠳᠦᠰᠦᠳᠡᠨ ᠦ ᠵᠠᠩ ᠦᠢᠯᠡ ᠶᠢᠨ ᠤᠷᠳᠤᠨ》 ᠪᠠᠷᠢᠯᠭ᠎ᠠ ᠲᠡᠭᠤᠰᠴᠡᠢ᠃
 
ᠲᠤᠰ ᠰᠢᠶᠠᠨ ᠤ ᠲᠢᠶᠠᠨᠵᠢᠲᠠᠢ ᠪᠠᠯᠭᠠᠰᠤ ᠶᠢᠨ ᠲᠢᠶᠠᠨᠵᠢᠲᠠᠢ ᠲᠣᠰᠬᠣᠨ ᠤ ᠮᠣᠩᠭᠣᠯᠴᠤᠳ ᠪᠣᠯ ᠣᠷᠳᠣᠰ ᠡᠴᠠ ᠨᠡᠭᠦᠵᠦ ᠢᠷᠡᠭᠡᠳ 600 ᠭᠠᠷᠤᠢ ᠵᠢᠯ ᠤᠨ ᠲᠡᠦᠬᠡ ᠶᠢ ᠡᠯᠡᠭᠡᠭᠰᠡᠨ ᠤᠤᠭᠠᠯ ᠮᠣᠩᠭᠣᠯᠴᠤᠳ ᠤᠨ ᠨᠢᠭᠡ ᠰᠠᠯᠠᠭ᠎ᠠ ᠪᠢᠯᠡ᠃
  
ᠲᠡᠳᠡ ᠮᠣᠩᠭᠣᠯ ᠦᠨᠳᠥᠰᠦᠲᠡᠨ ᠦ ᠪᠡᠨ ᠰᠢᠯᠢᠳᠡᠭ ᠰᠠᠶᠢᠬᠠᠨ ᠵᠠᠩ ᠰᠣᠶᠣᠯ ᠢ ᠤᠯᠠᠮᠵᠢᠯᠠᠨ ᠬᠥᠭᠵᠢᠭᠦᠯᠦᠭᠰᠡᠭᠡᠷ ᠢᠷᠡᠭᠰᠡᠨ ᠪᠥᠭᠡᠳ ᠰᠢᠶᠠᠨ ᠤ ᠦᠨᠳᠥᠰᠦᠲᠡᠨ ᠱᠠᠰᠢᠨ ᠰᠤᠷᠲᠠᠬᠤᠨ ᠤ ᠬᠡᠷᠡᠭ ᠡᠷᠬᠢᠯᠡᠬᠦ ᠲᠤᠪᠴᠢᠶ᠎ᠠ ᠪᠠ ᠲᠢᠶᠠᠨᠵᠢᠲᠠᠢ ᠪᠠᠯᠭᠠᠰᠤ ᠶᠢᠨ ᠬᠠᠪᠰᠤᠷᠤᠯᠭ᠎ᠠ ᠲᠤᠤᠷ᠎ᠠ᠂ ᠪᠦᠬᠦ ᠰᠢᠶᠠᠨ ᠤ ᠴᠣᠷ ᠤᠨ ᠭᠠᠭᠴᠠ 《 ᠮᠤᠩᠭᠤᠯ ᠦᠨᠳᠦᠰᠦᠳᠡᠨ ᠦ ᠵᠠᠩ ᠦᠢᠯᠡ ᠶᠢᠨ ᠤᠷᠳᠤᠨ》 ᠢ ᠪᠠᠢᠭᠤᠯᠤᠭᠰᠠᠨ ᠶᠤᠮ᠃

《 ᠮᠤᠩᠭᠤᠯ ᠦᠨᠳᠦᠰᠦᠳᠡᠨ ᠦ ᠵᠠᠩ ᠦᠢᠯᠡ ᠶᠢᠨ ᠤᠷᠳᠤᠨ》 ᠨᠢ ᠨᠠᠷᠢᠨ ᠲᠣᠳᠣᠷᠬᠠᠢ ᠲᠡᠦᠬᠡᠨ ᠮᠠᠲ᠋ᠧᠷᠢᠶᠠᠯ᠂ ᠲᠣᠪᠴᠢ ᠠᠪᠰᠠᠷᠬᠠᠨ ᠲᠠᠶᠢᠯᠪᠤᠷᠢ ᠲᠣᠳᠣᠷᠬᠠᠶᠢᠯᠠᠯᠲᠠ᠂ ᠬᠣᠪᠣᠷ ᠨᠠᠨᠳᠢᠨ ᠥᠪ ᠦᠯᠡᠳᠡᠭᠳᠡᠯ᠂ ᠡᠯᠪᠡᠭ ᠪᠠᠶᠠᠯᠢᠭ ᠵᠢᠷᠤᠭᠲᠤ ᠮᠠᠲ᠋ᠧᠷᠢᠶᠠᠯ ᠢᠶᠠᠷ ᠲᠢᠶᠠᠨᠵᠢᠲᠠᠢ ᠲᠤᠰᠬᠤᠨ ᠤ ᠪᠣᠳᠠᠲᠤ ᠬᠡᠷᠡᠭ ᠪᠠ ᠲᠡᠦᠬᠡᠨ ᠬᠤᠪᠢᠷᠠᠯᠲᠠ᠂ ᠦᠨᠳᠦᠰᠦᠳᠡᠨ ᠦ ᠵᠠᠩ ᠦᠢᠯᠡ᠂ ᠨᠤᠲᠤᠭ ᠤᠰᠤ ᠶᠢᠨ ᠭᠦᠭᠵᠢᠯᠲᠡ ᠲᠠᠪᠰᠢᠯᠲᠠ᠂ ᠬᠥᠮᠥᠨ ᠨᠡᠶᠢᠭᠡᠮ ᠦᠨ ᠥᠩᠭᠡ ᠭᠢᠯᠪᠠᠭ᠎ᠠ ᠶᠢ ᠬᠠᠷᠠᠭᠤᠯᠤᠭᠰᠠᠨ ᠶᠤᠮ᠃

ᠵᠠᠩ ᠦᠢᠯᠡ ᠶᠢᠨ ᠤᠷᠳᠤᠨ ᠨᠢ ᠡᠬᠢᠯᠡᠯᠲᠡ — ᠡᠬᠢ ᠡᠭᠦᠰᠦᠯ — ᠥᠷᠨᠢᠯ ᠬᠥᠭᠵᠢᠯ — ᠠᠮᠵᠢᠯᠲᠠ ᠪᠦᠲᠦᠮᠵᠢ — ᠲᠡᠭᠦᠰᠬᠡᠯ ᠦᠨ ᠦᠭᠡ ᠵᠡᠷᠭᠡ ᠲᠠᠪᠤᠨ ᠬᠡᠰᠡᠭ ᠢᠶᠡᠷ ᠪᠦᠷᠢᠯᠳᠥᠵᠦ᠂ ᠬᠣᠷᠢᠶᠠᠨ ᠬᠠᠳᠠᠭᠠᠯᠠᠭᠰᠠᠨ ᠬᠣᠪᠣᠷ ᠨᠠᠨᠳᠢᠨ ᠭᠡᠷᠡᠯ ᠵᠢᠷᠤᠭ᠂ ᠦᠰᠦᠭ ᠪᠢᠴᠢᠭ᠌ ᠤᠨ ᠮᠠᠲ᠋ᠧᠷᠢᠶᠠᠯ ᠪᠠ ᠪᠣᠳᠠᠲᠤ ᠮᠠᠲ᠋ᠧᠷᠢᠶᠠᠯ 200 ᠭᠠᠷᠤᠢ ᠬᠤᠪᠢ ᠪᠠᠶᠢᠵᠤ᠂ ᠮᠣᠩᠭᠣᠯ ᠦᠨᠳᠥᠰᠦᠲᠡᠨ ᠦ ᠦᠢᠯᠡᠳᠪᠦᠷᠢᠯᠡᠯ ᠠᠮᠢᠳᠤᠷᠠᠯ ᠤᠨ ᠡᠳ᠋ᠯᠡᠯ ᠬᠡᠷᠡᠭᠰᠡᠯ ᠬᠤᠪᠴᠠᠰᠤ ᠵᠠᠰᠠᠯ ᠵᠡᠷᠭᠡ ᠵᠦᠢᠯᠡᠰ ᠢ 700 ᠭᠠᠷᠤᠢ ᠬᠤᠪᠢ ᠲᠡᠯᠭᠡᠨ ᠦᠵᠡᠭᠦᠯᠵᠦ ᠪᠠᠶᠢᠨ᠎ᠠ᠃
   
   ᠢᠷᠡᠯᠲᠡ᠄ ᠪᠠᠶᠠᠨ ᠨᠠᠭᠤᠷ ᠤᠨ ᠰᠤᠨᠢᠨ

 
 

五原县首家村“蒙古民俗馆”近日落成。

五原县天吉泰镇天吉泰村蒙古族属鄂尔多斯部落,自公元十五世纪迁徙至黄河北岸的河套地区至今600多年。
   蒙古族鄂尔多斯部落严格遵守蒙古族各项规矩,保持了正统和完整的蒙古族传统文化,被称为蒙古族的百科全书。 
   去年以来,天吉泰村在打造民族特色村寨的同时,在县民宗局、天吉泰镇的大力帮助下,建成了全县唯一一处占地面积170平方米的村“蒙古民俗馆”。“蒙古民俗馆”以详实的史料、精炼的文字、珍贵的展品、丰富的图片,展现了天吉泰村的世事变迁、民俗风土、发展进步、人文风采。
   民俗馆由12个展台构成,分为序言—溯源—发展—成果—寄语5个篇章,共收藏珍贵图片、文字资料和实物资料200余件,陈列了蒙古族先民及老一辈生产生活中使用过的古老器具、生活用品、狩猎工具和蒙古族服饰等700多件。     
      来源: 巴彦淖尔日报

 
Posted in ᠰᠤᠶᠤᠯ ᠤᠷᠠᠯᠢᠭ |文化信息 and tagged .