ᠮᠤᠩᠭᠤᠯ ᠵᠠᠯᠠᠭᠤᠰ ᠬᠦᠳᠡᠭᠡ ᠳ᠋ᠡᠭᠡᠨ ᠪᠤᠴᠠᠨ᠎ᠠ ᠤᠤ᠂ ᠬᠤᠲᠠ ᠳ᠋ᠤ ᠦᠯᠡᠳᠡᠬᠦ ᠦᠦ︖蒙古族青年:毕业返乡,还是留城?

 

ᠮᠤᠩᠭᠤᠯ ᠵᠠᠯᠠᠭᠤᠰ ᠬᠦᠳᠡᠭᠡ ᠳ᠋ᠡᠭᠡᠨ ᠪᠤᠴᠠᠨ᠎ᠠ ᠤᠤ᠂ ᠬᠤᠲᠠ ᠳ᠋ᠤ ᠦᠯᠡᠳᠡᠬᠦ ᠦᠦ︖

ᠤᠯᠤᠰ ᠤᠨ ᠰᠢᠯᠭᠠᠯᠲᠠ ᠦᠩᠭᠡᠷᠡᠵᠦ ᠂ ᠪᠠᠰᠠ ᠨᠢᠭᠡ ᠪᠦᠯᠦᠭ ᠰᠤᠷᠤᠭᠴᠢᠳ ᠶᠡᠬᠡ ᠰᠤᠷᠭᠠᠭᠤᠯᠢ ᠶᠢᠨ ᠪᠤᠱᠤᠭ᠎ᠠ ᠶᠢ ᠠᠯᠬᠤᠵᠤ ᠂ ᠤᠶᠤᠲᠠᠨ ᠤ ᠠᠮᠢᠳᠤᠷᠠᠯ ᠢ ᠦᠩᠭᠡᠷᠡᠭᠡᠬᠦ ᠪᠡᠷ ᠬᠦᠰᠡᠨ ᠬᠦᠯᠢᠶᠡᠵᠦ ᠰᠠᠭᠤᠨ᠎ᠠ ᠃ ᠶᠠᠷᠢᠶᠠᠨ ᠦᠭᠡᠢ ᠂ ᠲᠡᠳᠡᠨ ᠦ ᠳᠤᠮᠳᠠᠬᠢ ᠴᠦᠬᠡᠩᠬᠢ ᠨᠢ ᠶᠡᠬᠡ ᠰᠤᠷᠭᠠᠭᠤᠯᠢ ᠳ᠋ᠤ ᠡᠯᠰᠡᠭᠳᠡᠵᠦ ᠲᠡᠢᠯᠬᠦ ᠦᠭᠡᠢ ᠪᠡᠷ ᠦᠨᠳᠦᠷ ᠳᠤᠮᠳᠠᠳᠤ ᠳ᠋ᠠᠭᠠᠨ ᠦᠯᠡᠳᠡᠨ ᠲᠠᠪᠲᠠᠬᠤ ᠪᠤᠶᠤ ᠬᠦᠳᠡᠭᠡ ᠨᠤᠲᠤᠭ ᠲᠠᠭᠠᠨ ᠪᠤᠴᠠᠨ ᠬᠠᠷᠢᠬᠤ  ᠴᠤ ᠪᠤᠢ ᠃ ᠤᠯᠤᠰ ᠤᠨ ᠰᠢᠯᠭᠠᠯᠲᠠ ᠶᠢᠨ ᠬᠤᠪᠢ ᠭᠠᠷᠴᠤ ᠂ ᠡᠷᠡᠮᠡᠯᠵᠡᠯ ᠲᠠᠭᠯᠠᠬᠤ ᠡᠴᠠ ᠡᠮᠦᠨᠡᠬᠢ ᠡᠨᠡᠬᠦ ᠬᠤᠭᠤᠴᠠᠭᠠᠨ ᠳ᠋ᠤ ᠨᠡᠢᠭᠡᠮ ᠦᠨ ᠶᠠᠷᠢᠶ᠎ᠠ ᠬᠡᠯᠡᠯᠴᠡᠭᠡ ᠮᠤᠩᠭᠤᠯ ᠵᠠᠯᠠᠭᠤᠰ ᠤᠨ ᠬᠦᠳᠡᠭᠡ ᠬᠤᠲᠠ ᠶᠢᠨ ᠠᠯᠢ ᠶᠢ ᠨᠢ ᠰᠤᠩᠭᠤᠬᠤ ᠠᠰᠠᠭᠤᠳᠠᠯ ᠤᠨ ᠲᠤᠭᠤᠷᠢᠨ ᠳ᠋ᠤ ᠶᠠᠷᠢᠭᠳᠠᠵᠤ ᠡᠬᠢᠯᠡᠭᠰᠡᠨ ᠨᠢ ᠬᠠᠶᠠ ᠰᠤᠨᠤᠰᠳᠠᠨ᠎ᠠ ᠃ ᠬᠤᠲᠠ ᠬᠦᠳᠡᠭᠡ ᠶᠢᠨ ᠠᠯᠢ ᠶᠢ ᠨᠢ ᠰᠤᠩᠭᠤᠬᠤ ᠨᠢ ᠤᠯᠤᠰ ᠤᠨ ᠰᠢᠯᠭᠠᠯᠲᠠ ᠳ᠋ᠤ ᠤᠷᠤᠯᠴᠠᠭᠰᠠᠨ ᠦᠨᠳᠦᠷ ᠳᠤᠮᠳᠠᠳᠤ ᠶᠢᠨ ᠰᠤᠷᠤᠭᠴᠢᠳ ᠯᠡ ᠪᠢᠰᠢ ᠂ ᠶᠡᠬᠡ ᠰᠤᠷᠭᠠᠭᠤᠯᠢ ᠳ᠋ᠤ ᠰᠤᠷᠤᠯᠴᠠᠵᠤ ᠪᠠᠢᠭ᠎ᠠ ᠤᠶᠤᠲᠠᠳ᠂ ᠲᠡᠭᠦᠰᠦᠭᠡᠳ ᠠᠵᠢᠯ ᠬᠠᠢᠵᠤ ᠪᠠᠢᠭ᠎ᠠ ᠵᠠᠯᠠᠭᠤᠰ ᠁ ᠭᠡᠳ ᠤᠯᠠᠨ ᠬᠦᠮᠦᠰ ᠲᠦ ᠬᠤᠯᠪᠤᠭᠳᠠᠬᠤ ᠠᠰᠠᠭᠤᠳᠠᠯ ᠪᠤᠯᠬᠤ ᠶᠤᠮ ᠃
 ᠵᠠᠯᠠᠭᠤᠰ ᠤᠨ ᠪᠤᠳᠤᠯ ᠳ᠋ᠠᠬᠢ ᠭᠡᠭᠡᠨ ᠠᠯᠤᠰ ᠪᠤᠶᠤ ᠶᠡᠬᠡ ᠰᠤᠷᠭᠠᠭᠤᠯᠢ
  ᠶᠡᠬᠡ ᠰᠤᠷᠭᠠᠭᠤᠯᠢ ᠪᠤᠶᠤ ᠤᠶᠤᠲᠠᠨ ᠤ ᠠᠮᠢᠳᠤᠷᠠᠯ ᠭᠡᠳᠡᠭ ᠵᠠᠯᠠᠭᠤ ᠨᠠᠰᠤᠨ ᠤ ᠨᠢᠭᠡᠨ ᠬᠡᠷᠡᠯᠲᠦ ᠦᠷᠲᠡᠭᠡ ᠬᠡᠴᠢᠨᠡᠨ ᠤᠯᠠᠨ ᠵᠠᠯᠠᠭᠤᠴᠤᠳ ᠤᠨ ᠬᠦᠰᠡᠯ ᠮᠦᠷᠦᠭᠡᠳᠦᠯ ᠪᠤᠯᠵᠤ ᠂ ᠪᠠᠰᠠ ᠬᠡᠴᠢᠨᠡᠨ ᠤᠯᠠᠨ ᠵᠠᠯᠠᠭᠤᠴᠤᠳ ᠢ ᠡᠯᠢᠭᠡᠨ ᠳ᠋ᠡᠭᠡᠨ ᠪᠠᠭᠲᠠᠭᠠᠨ ᠬᠦᠮᠦᠵᠢᠬᠦᠯᠵᠦ ᠂ ᠨᠡᠢᠭᠡᠮ ᠦᠨ ᠶᠡᠬᠡ ᠲᠠᠯᠠᠢ ᠳ᠋ᠤ ᠤᠷᠤᠰᠬᠠᠯ ᠨᠡᠢᠯᠡᠭᠦᠯᠦᠭᠰᠡᠨ ᠢ ᠲᠤᠭᠠᠯᠠᠬᠤᠶ᠎ᠠ ᠪᠡᠷᠬᠡ ᠃
 ᠬᠦᠳᠡᠭᠡ ᠨᠤᠲᠤᠭ ᠲᠠᠬᠢ ᠵᠠᠯᠠᠭᠤᠰ ᠤᠨ ᠬᠤᠪᠤᠷᠳᠠᠯ
  ᠰᠤᠷᠭᠠᠭᠤᠯᠢ ᠲᠠᠮᠵᠢᠨ ᠪᠢᠴᠢᠭ᠌ ᠦᠵᠡᠭᠰᠡᠨ ᠵᠠᠯᠠᠭᠤᠰ ᠨᠢ ᠬᠤᠲᠠ ᠭᠠᠵᠠᠷ ᠦᠯᠡᠳᠡᠵᠦ ᠂ ᠤᠯᠤᠰ ᠤᠨ ᠠᠵᠢᠯ ᠤᠯᠵᠤ ᠂ ᠬᠤᠲᠠᠵᠢᠯ ᠳ᠋ᠤ ᠤᠷᠮᠠᠰᠢᠵᠤ ᠂ ᠬᠦᠳᠡᠭᠡ ᠨᠤᠲᠤᠭ ᠢᠶᠠᠨ ᠭᠤᠯᠤᠬᠤ ᠦᠵᠡᠯ ᠪᠤᠳᠤᠯ ᠲᠡᠢᠯᠦᠩᠬᠢ ᠪᠤᠯᠤᠭᠰᠠᠨ ᠃ ᠠᠢᠯ ᠤᠨ ᠨᠢᠭᠡᠯᠡ ᠬᠡᠤᠬᠡᠳ ᠪᠤᠶᠤ ᠵᠠᠯᠠᠭᠤᠰ ᠬᠦᠳᠡᠭᠡ ᠳ᠋ᠡᠭᠡᠨ ᠪᠤᠴᠠᠬᠤ ᠦᠭᠡᠢ ᠡᠴᠠ ᠪᠤᠯᠵᠤ ᠬᠦᠳᠡᠭᠡ ᠨᠤᠲᠤᠭ ᠲᠤ ᠮᠠᠯᠵᠢᠯ ᠤᠨ ᠬᠦᠳᠡᠯᠮᠤᠷᠢ ᠬᠦᠴᠦ ᠶᠡᠬᠡᠪᠡᠷ ᠳᠤᠳᠠᠭᠳᠠᠵᠤ ᠂ ᠤᠳᠤ ᠬᠦᠳᠡᠭᠡ ᠨᠤᠲᠤᠭ ᠲᠠᠭᠠᠨ ᠮᠠᠯ ᠢᠶᠠᠨ ᠬᠠᠷᠢᠭᠤᠯᠵᠤ ᠰᠠᠭᠤᠭ᠎ᠠ ᠨᠢ ᠢᠳᠡᠷ ᠨᠠᠰᠤᠨ ᠤ ᠪᠤᠶᠤ ᠬᠦᠭᠰᠢᠳ ᠨᠠᠰᠤᠲᠠᠳ ᠤᠯᠠᠩᠬᠢ ᠲᠤᠭ᠎ᠠ ᠶᠢ ᠡᠵᠡᠯᠡᠵᠦ ᠪᠤᠢ ᠃
 ᠠᠵᠢᠯ ᠤᠯᠭᠤᠯᠲᠠ ᠶᠢᠨ ᠠᠴᠠᠨ ᠰᠠᠯᠠᠭᠠᠨ ᠲᠡᠭᠡᠷᠡᠬᠢ ᠮᠤᠩᠭᠤᠯ ᠤᠶᠤᠲᠠᠳ
  ᠦᠶ᠎ᠡ ᠤᠯᠠᠷᠢᠨ ᠰᠠᠭᠤᠷᠢᠰᠢᠵᠤ ᠂ ᠡᠴᠢᠭᠡ ᠡᠪᠦᠭᠡᠳ ᠦᠨ ᠦᠶ᠎ᠡ ᠲᠠᠮᠵᠢᠨ ᠡᠵᠡᠨ ᠰᠠᠭᠤᠭᠰᠠᠭᠠᠷ ᠢᠷᠡᠭᠰᠡᠨ ᠨᠤᠲᠤᠭ ᠤᠰᠤᠨ ᠡᠴᠠ ᠪᠠᠨ ᠢᠷᠡᠭᠡᠳᠦᠢ ᠶᠢᠨ ᠡᠵᠡᠨ ᠪᠤᠯᠬᠤ ᠮᠤᠩᠭᠤᠯ ᠵᠠᠯᠠᠭᠤᠰ ᠨᠢ ᠬᠤᠯᠠᠳᠠᠨ ᠶᠠᠪᠤᠵᠤ ᠂ ᠡᠷᠬᠢᠵᠦ ᠪᠤᠴᠠᠬᠤ ᠶᠢᠨ ᠪᠠᠷ᠎ᠠ ᠨᠢ ᠬᠠᠷᠠᠭᠳᠠᠬᠤ ᠦᠭᠡᠢ ᠶᠢ ᠪᠤᠳᠤᠬᠤᠯᠠᠷ ᠡᠷᠬᠡ ᠦᠭᠡᠢ ᠰᠡᠳᠬᠢᠯ ᠡᠪᠬᠡᠷᠡᠮᠡᠷ ᠴᠦ ᠶᠡᠬᠡ ᠵᠤᠬᠢᠶᠠᠯᠴᠢ ᠨᠠᠴᠤᠭᠳᠤᠷᠵᠢ ᠶᠢᠨ ᠪᠢᠴᠢᠭᠰᠡᠨ ᠰᠢᠭ ︽ᠬᠤᠯᠠ ᠶᠢᠨ ᠰᠢᠪᠠᠭᠤ ᠨᠢᠰᠦᠭᠡᠳ ᠬᠦᠷᠬᠦ ᠦᠭᠡᠢ ᠭᠠᠵᠠᠷ ᠡᠴᠠ ᠬᠦᠮᠦᠨ ᠦ ᠬᠦᠦ ᠡᠷᠳᠡᠨᠢ ᠡᠪᠦᠷᠯᠡᠭᠡᠳ ᠢᠷᠡᠬᠦ︾ ᠶᠢᠨ ᠰᠠᠢᠬᠠᠨ ᠰᠤᠪᠢᠩ ᠮᠡᠳᠡᠷᠡᠭᠳᠡᠨ ᠂ ᠶᠠᠮᠠᠷ ᠲᠠᠢ ᠴᠤ ᠰᠡᠳᠬᠢᠯ ᠨᠢᠭᠡ ᠠᠭᠤᠵᠢᠷᠠᠬᠤ ᠰᠢᠭ ᠪᠤᠯᠤᠨ᠎ᠠ ᠃
 ᠬᠦᠳᠡᠭᠡ ᠳ᠋ᠡᠭᠡᠨ ᠪᠤᠴᠠᠭᠰᠠᠨ ᠮᠤᠩᠭᠤᠯ ᠵᠠᠯᠠᠭᠤᠰ
  ᠠᠵᠢᠯ ᠤᠯᠭᠤᠯᠲᠠ ᠶᠢᠨ ᠪᠠᠢᠳᠠᠯ ᠶᠠᠮᠠᠷ ᠠᠨᠠᠢ ᠪᠠᠢᠭᠰᠠᠨ ᠴᠤ ᠨᠢᠭᠡ ᠪᠦᠯᠦᠭ ᠰᠤᠷᠤᠭᠴᠢ ᠤᠶᠤᠲᠠᠳ ᠪᠤᠯ ᠯᠠᠪᠲᠠᠢ ᠠᠯᠪᠠᠨ ᠠᠵᠢᠯ ᠂ ᠪᠠᠢᠭᠤᠯᠤᠯᠭ᠎ᠠ ᠨᠢᠭᠡᠴᠡ ᠳ᠋ᠤ ᠠᠵᠢᠯ ᠤᠯᠵᠤ ᠲᠡᠢᠯᠳᠡᠭ ᠃ ᠠᠵᠢᠯ ᠤᠯᠵᠤ ᠲᠡᠢᠯᠬᠦ  ᠦᠭᠡᠢ ᠦᠯᠡᠳᠡᠭᠰᠡᠨ ᠮᠤᠩᠭᠤᠯ ᠤᠶᠤᠲᠠᠳ ᠨᠢ ᠲᠡᠭᠡᠬᠦ ᠳ᠋ᠤ ᠬᠤᠲᠠ ᠳ᠋ᠤ ᠦᠯᠡᠳᠡᠨ ᠂ ᠦᠷᠭᠦᠯᠵᠢᠯᠡᠨ ᠠᠵᠢᠯ ᠡᠷᠢᠬᠦ ᠪᠤᠶᠤ ᠦᠪᠡᠷ ᠢᠶᠡᠨ ᠦᠢᠯᠡᠰ ᠪᠤᠰᠬᠠᠬᠤ ᠵᠠᠮ ᠢ ᠰᠤᠩᠭᠤᠳᠠᠭ ᠃ ᠪᠠᠰᠠ ᠵᠠᠷᠢᠮ ᠨᠢ ᠤᠯᠠᠨ ᠵᠢᠯ ᠢᠶᠠᠷ ᠠᠯᠪᠠᠲᠠᠨ ᠰᠢᠯᠭᠠᠭᠤᠯᠬᠤ ᠶᠢᠨ ᠲᠦᠯᠦᠭᠡ ᠡᠯ᠎ᠡ ᠲᠦᠷᠦᠯ ᠦᠨ ᠪᠤᠯᠪᠠᠰᠤᠷᠠᠯ ᠤᠨ ᠠᠩᠬᠢ ᠳ᠋ᠤ ᠤᠷᠤᠯᠴᠠᠳᠠᠭ ᠃
  ᠡᠢᠮᠦᠷᠬᠦ ᠵᠢᠱᠢᠶ᠎ᠡ ᠮᠦᠨ ᠤᠯᠠᠨ ᠪᠤᠢ ᠃ ᠮᠡᠳᠡᠯᠭᠡ ᠰᠤᠶᠤᠯ ᠰᠤᠷᠤᠭᠰᠠᠨ ᠵᠠᠯᠠᠭᠤᠰ ᠦᠬᠢᠳ ᠢᠶᠡᠨ ᠬᠦᠳᠡᠭᠡ ᠨᠤᠲᠤᠭ ᠨᠢ ᠬᠦᠰᠡᠨ ᠬᠦᠯᠢᠶᠡᠵᠦ ᠪᠠᠢᠨ᠎ᠠ ᠃ ᠶᠡᠬᠡ ᠰᠤᠷᠭᠠᠭᠤᠯᠢ ᠳ᠋ᠤ ᠰᠠᠭᠤᠵᠤ ᠂ ᠤᠶᠤᠲᠠᠨ ᠪᠤᠯᠬᠤ ᠳ᠋ᠠᠭᠠᠨ ᠵᠠᠪᠠᠯ ᠬᠤᠲᠠ ᠳ᠋ᠤ ᠰᠠᠭᠤᠬᠤ ᠨᠢ ᠬᠠᠷᠠᠯᠲᠠ ᠪᠢᠰᠢ ᠶᠤᠮ ᠃ ᠤᠳᠤᠬᠢ ᠬᠤᠲᠠ ᠬᠦᠳᠡᠭᠡ ᠶᠢᠨ ᠵᠦᠷᠢᠶ᠎ᠡ ᠶᠠᠪᠤᠬᠤ ᠳᠤᠲᠤᠮ ᠪᠠᠭᠠᠰᠴᠤ ᠪᠠᠢᠭ᠎ᠠ ᠪᠠᠢᠳᠠᠯ ᠳ᠋ᠤ ᠬᠦᠳᠡᠭᠡ ᠳ᠋ᠡᠭᠡᠨ ᠬᠠᠷᠢᠭᠠᠳ ᠬᠤᠲᠠ ᠶᠢᠨ ᠬᠢᠨ ᠡᠴᠠ ᠲᠤᠳᠠᠭᠤ ᠦᠭᠡᠢ ᠠᠮᠢᠳᠤᠷᠠᠵᠤ ᠪᠠᠢᠭ᠎ᠠ ᠵᠠᠯᠠᠭᠤ ᠦᠶ᠎ᠡ ᠶᠢᠨ ᠬᠢᠨ  ᠴᠤ ᠤᠯᠠᠨ ᠪᠠᠢᠨ᠎ᠠ ᠃
  ᠲᠡᠢᠮᠦ ᠡᠴᠠ ᠂ ᠬᠦᠳᠡᠭᠡ ᠨᠤᠲᠤᠭ ᠢᠶᠠᠨ ᠵᠤᠷᠢᠬᠤ ᠨᠢ ᠤᠳᠤᠬᠢ ᠵᠠᠯᠠᠭᠤᠰ ᠤᠨ ᠪᠠᠰᠠ ᠨᠢᠭᠡᠨ ᠭᠠᠷᠬᠤ ᠵᠠᠮ ᠶᠤᠮ ᠭᠡᠳᠡᠭ ᠲᠦ ᠨᠡᠯᠢᠶᠡᠳ ᠬᠦᠮᠦᠰ ᠰᠠᠨᠠᠯ ᠨᠢᠭᠡᠲᠡᠢ ᠪᠠᠢᠳᠠᠭ ᠃ 《ᠵᠤᠬᠢᠰᠲᠠᠢ ᠪᠡᠯᠡ ᠮᠦᠩᠬᠦ ᠪᠠᠢᠭᠠᠳ ᠪᠡᠯᠡ ᠤᠷᠤᠭᠤᠯᠤᠯᠲᠠ ᠬᠢᠬᠦ ᠶᠤᠮ ᠪᠤᠯ ᠮᠤᠩᠭᠤᠯ ᠤᠶᠤᠲᠠᠳ ᠬᠦᠳᠡᠭᠡ ᠨᠤᠲᠤᠭ ᠢᠶᠠᠨ ᠰᠤᠩᠭᠤᠵᠤ ᠪᠤᠯᠤᠨ᠎ᠠ ᠃ ᠲᠡᠨᠳᠡ ᠤᠷᠤᠨ ᠵᠠᠢ ᠨᠡᠩ ᠶᠡᠬᠡ ᠶᠤᠮ 》ᠭᠡᠵᠦ ᠴᠢᠮᠡᠳ ·ᠨᠢᠷᠭᠡᠯ ᠪᠠᠭᠰᠢ ᠬᠡᠯᠡᠵᠦ ᠪᠠᠢᠯ᠎ᠠ ᠃
   ᠢᠷᠡᠯᠳᠡ᠄ ᠠᠷᠠᠳ ᠤᠨ ᠰᠦᠯᠵᠢᠶ᠎ᠡ

 
 

蒙古族青年:毕业返乡,还是留城?

在刚刚结束的“国考”,又有一大批学子通过“十年寒窗 ”苦读,跨进了自己梦寐以求的大学门槛,他们向往和憧憬着大学生涯。但是,毋容置疑,其中还有不少人无缘大学生涯,面临复读或回乡的抉择 ····
  (以下为类似文章节选)
  765万,这是2016年我国普通大学毕业生的预计总数。如今,人们已经不再谈什么“史上最难就业季”,因为随着毕业生人数的逐年递增,“只有更难、没有最难”是许多人感受到的真实压力。对于奋斗路上的年轻人来说,究竟是大城市更幸福还是小地方更温暖?您毕业时是怎样选择的?

    返乡温暖 知足常乐
  大城市立足土壤有限,很多“闯世界者”无根的漂浮生存,让无奈的眼泪蒸发凝聚成了“北上广上空的乌云”!这些冷不是仅靠拼搏就能驱解。所以,毕业是走是留,决定大学生脚步的是经济磁力。如果可以,相信门口经济的牵引之下,谁也不愿远离亲人做无根的游子。回乡有一定基础,不管是亲戚朋友,还是环境,都是自己熟悉的。所以,选择的关键就在于自己的心态,对我而言,知足常乐,小地方更温暖啊!

    趁着年轻 敢闯敢拼
 年轻人需要高起点高平台,如果学有所长,并且因为爱好而执著,做家长的理当支持。每个人对幸福的定义都不一样,我希望自己始终充满理想,斗志昂扬。

    适合自己 更为重要
  无论是大城还是小镇,人这一生的职业生涯规划都应该是围绕着自我实现的。不同的环境有不同的资源,大城市里有较多的政治与经济的资源,小镇里有较多的文化与方言的资源。也有的人工作只是为了有一份稳定收入,来实现他在兴趣上的理想。况且,大城和小镇之间的差距是越来越小了,谁能断言现在的小镇不会发展成大城呢?

 
Posted in ᠠᠮᠢᠳᠤᠷᠠᠯ ᠤᠨ ᠬᠠᠨᠢ|生活之友 and tagged .