ᠥᠪᠦᠷ ᠮᠣᠩᠭᠣᠯ ᠤᠨ ᠦᠬᠡᠷ ᠬᠣᠨᠢᠨ ᠮᠢᠬ᠎ᠠ《ᠪᠡᠶ᠎ᠡ ᠶᠢᠨ ᠦᠨᠡᠮᠯᠡᠯ》ᠲᠠᠢ 内蒙古牛羊肉有了“身份证” 推动产业走向规模化

 
 

ᠥᠪᠦᠷ ᠮᠣᠩᠭᠣᠯ ᠤᠨ ᠦᠬᠡᠷ ᠬᠣᠨᠢᠨ ᠮᠢᠬ᠎ᠠ《ᠪᠡᠶ᠎ᠡ ᠶᠢᠨ ᠦᠨᠡᠮᠯᠡᠯ》ᠲᠠᠢ ᠪᠣᠯᠵᠤ ᠠᠵᠤ ᠦᠢᠯᠡᠰ ᠤᠨ ᠬᠡᠪᠴᠢᠶᠡᠵᠢᠯᠳᠡ ᠶᠢ ᠠᠬᠢᠭᠤᠯᠵᠠᠢ

ᠦᠬᠡᠷ ᠬᠣᠨᠢᠨ ᠤ ᠬᠡᠰᠡᠭ᠍ᠭᠡᠨ ᠮᠢᠬ᠎ᠠ ᠴᠤ ᠬᠣᠶᠠᠷ ᠬᠡᠮᠵᠢᠯᠳᠡᠲᠦ ᠺᠣᠳ᠋ ᠪᠡᠷ ᠨᠤᠳᠠᠯᠠᠵᠤ ᠪᠤᠯᠬᠤ ᠥᠪᠡᠷ ᠤᠨ《ᠪᠡᠶ᠎ᠡ ᠶᠢᠨ ᠦᠨᠡᠮᠯᠡᠯ》ᠲᠠᠢ ᠪᠤᠯᠵᠤ᠂ᠦᠬᠡᠷ ᠬᠣᠨᠢᠨ ᠤ ᠳᠤᠭᠤᠯᠯᠠᠵᠤ ᠬᠤᠷᠠᠭᠠᠯᠠᠭᠰᠠᠨ ᠡᠴᠡ ᠡᠬᠢᠯᠡᠬᠡᠳ ᠳᠡᠵᠢᠬᠡᠵᠤ ᠠᠷᠠᠴᠢᠯᠠᠭᠰᠠᠨ᠂ ᠡᠪᠡᠳᠴᠢᠨ ᠬᠢᠵᠢᠭ᠌ ᠤᠨ ᠪᠠᠶᠢᠳᠠᠯ᠂ ᠠᠯᠠᠵᠤ ᠨᠢᠲᠤᠯᠠᠭᠰᠠᠨ᠂ ᠪᠣᠯᠪᠠᠰᠤᠷᠠᠭᠤᠯᠤᠭᠰᠠᠨ᠂ ᠪᠠᠷᠠᠭ᠎ᠠ ᠳᠡᠬᠡᠬᠡᠪᠦᠷᠢ᠂ ᠪᠣᠷᠤᠯᠠᠭᠤᠯᠤᠯᠭ᠎ᠠ ᠵᠡᠷᠭᠡ ᠡᠯ᠎ᠡ ᠭᠣᠭᠴᠤᠭᠠᠨ ᠤ ᠰᠤᠷᠠᠭ ᠴᠢᠮᠡᠭᠡ ᠶᠢ ᠮᠡᠳᠡᠴᠢᠬᠡᠳᠡᠭ ᠪᠦᠬᠦᠶᠢᠯᠡ ᠠᠵᠤ ᠦᠢᠯᠡᠰ ᠤᠨ ᠬᠡᠯᠬᠢᠶ᠎ᠠ ᠶᠢ ᠪᠠᠳᠤᠯᠠᠭᠰᠠᠨ ᠵᠠᠭᠠᠭ ᠦᠬᠡᠢ ᠬᠢᠨᠠᠨ ᠬᠠᠮᠢᠶᠠᠷᠤᠯᠳᠠ — ᠥᠪᠦᠷ ᠮᠣᠩᠭᠣᠯ ᠤᠨ ᠬᠡᠷᠡᠭᠵᠢᠭᠦᠯᠵᠤ ᠪᠠᠶᠢᠭ᠎ᠠ ᠦᠬᠡᠷ ᠬᠣᠨᠢᠨ ᠮᠢᠬᠠᠨ ᠤ ᠪᠦᠬᠦᠶᠢᠯᠡ ᠠᠵᠤ ᠦᠢᠯᠡᠰ ᠤᠨ ᠬᠡᠯᠬᠢᠶ᠎ᠠ ᠶᠢ ᠮᠦᠷᠳᠡᠬᠦ ᠰᠢᠰᠲ᠋ᠸᠮ ᠨᠢ ᠰᠤᠷᠠᠭ ᠵᠠᠩᠭᠢ ᠶᠢᠨ ᠮᠡᠷᠭᠡᠵᠢᠯ ᠢᠶᠡᠷ ᠦᠬᠡᠷ ᠬᠤᠨᠢᠨ ᠮᠢᠬᠠᠨ ᠤ《ᠢᠷᠡᠯᠲᠠ ᠶᠢ ᠮᠦᠷᠳᠡᠬᠦ᠂ ᠪᠣᠷᠣᠯᠠᠭᠤᠯᠤᠯᠭ᠎ᠠ ᠶᠢ ᠪᠠᠶᠢᠴᠠᠭᠠᠬᠤ᠂ ᠬᠠᠷᠢᠭᠤᠴᠠᠯᠭ᠎ᠠ ᠶᠢ ᠨᠡᠬᠡᠮᠵᠢᠯᠡᠬᠦ》 ᠶ᠋ᠢ ᠪᠡᠶᠡᠯᠡᠭᠦᠯᠤᠨ᠂ ᠬᠡᠷᠡᠭᠯᠡᠭᠴᠢᠳ ᠤᠨ ᠵᠢᠩᠬᠢᠨᠢ ᠰᠢᠯᠢᠳᠡᠭ ᠲᠠᠯ᠎ᠠ ᠨᠤᠲᠤᠭ ᠤᠨ ᠦᠬᠡᠷ ᠬᠤᠨᠢᠨ  ᠮᠢᠬ᠎ᠠ ᠣᠯᠵᠤ ᠢᠳᠡᠬᠦ ᠶᠢ ᠪᠠᠲᠤᠯᠠᠵᠠᠢ᠃

ᠬᠦᠬᠡᠬᠣᠲᠠ ᠶᠢᠨ ᠨᠢᠭᠡᠨ ᠦᠬᠡᠷ ᠬᠣᠨᠢᠨ ᠮᠢᠬᠠᠨ ᠤ ᠲᠤᠰᠭᠠᠢ ᠳᠡᠯᠭᠡᠭᠦᠷ ᠤᠨ ᠠᠵᠢᠯᠲᠠᠨ ᠰᠤᠷᠪᠤᠯᠵᠢᠯᠠᠭ᠎ᠠ ᠬᠦᠯᠢᠶᠡᠬᠦ ᠳ᠋ᠡᠬᠡᠨ᠂ ᠬᠡᠷᠪᠡ ᠠᠯᠢ ᠨᠢᠭᠡ ᠬᠡᠰᠡᠭ ᠮᠢᠬ᠎ᠠ ᠨᠢ ᠴᠢᠨᠠᠷ ᠤᠨ ᠠᠰᠠᠭᠤᠳᠠᠯ ᠲᠠᠢ ᠪᠤᠯᠬᠤ ᠳᠤ ᠬᠦᠷᠪᠡᠯ᠂ ᠬᠡᠷᠡᠭᠯᠡᠭᠴᠢᠳ ᠳᠤᠰ ᠬᠡᠰᠡᠭ ᠮᠢᠬᠠᠨ ᠤ 《ᠪᠡᠶ᠎ᠡ ᠶᠢᠨ ᠦᠨᠡᠮᠯᠡᠯ》ᠪᠤᠯᠤᠭᠰᠠᠨ ᠬᠣᠶᠠᠷ ᠬᠡᠮᠵᠢᠯᠳᠡᠲᠦ ᠺᠣᠳ᠋ ᠢ ᠰᠢᠷᠪᠢᠬᠡᠳ ᠲᠤᠰ ᠬᠡᠰᠡᠭ ᠮᠢᠬᠠᠨ ᠤ ᠪᠡᠯᠴᠢᠬᠡᠷ ᠡᠴᠡ ᠥᠢᠯᠡᠳᠪᠦᠷᠢ ᠳᠤ ᠬᠦᠷᠲᠡᠯ᠎ᠡ᠂ ᠴᠢᠨᠠᠭᠰᠢᠯᠠᠭᠠᠳ ᠠᠴᠢᠶ᠎ᠠ ᠳᠡᠬᠡᠬᠡᠪᠦᠷᠢ ᠶᠢᠨ ᠺᠣᠮᠫᠠᠨᠢ ᠵᠡᠷᠭᠡ ᠶᠠᠪᠤᠴᠠ ᠳ᠋ᠡᠬᠢ ᠬᠠᠷᠢᠭᠤᠴᠠᠯᠭᠠᠲᠠᠢ ᠡᠳᠡᠬᠡᠳ ᠢ ᠮᠦᠷᠳᠡᠵᠤ ᠪᠤᠯᠤᠨ᠎ᠠ ᠬᠡᠯ᠎ᠡ᠃

ᠰᠣᠷᠪᠤᠯᠵᠢᠯᠠᠭᠴᠢ ᠨᠢᠭᠡ ᠬᠡᠰᠡᠭ ᠬᠣᠨᠢᠨ ᠮᠢᠬ᠎᠎ᠠ ᠠᠪᠴᠤ ᠬᠣᠶᠠᠷ ᠬᠡᠮᠵᠢᠯᠳᠡᠲᠦ ᠺᠣᠳ᠋ ᠶᠢ ᠨᠢ ᠰᠢᠷᠪᠢᠬᠦ ᠳᠤ ᠳᠡᠵᠢᠬᠡᠭ᠍ᠰᠡᠨ ᠨᠢ ᠪᠤᠯᠭᠠᠨ ᠰᠤᠮᠤᠨ ᠤ ᠬᠠᠨ ᠠᠭᠤᠯᠠ ᠭᠠᠴᠠᠭ᠎ᠠ ᠶᠢᠨ ᠮᠠᠯᠴᠢᠨ ᠵᠤᠤ ᠯᠢ ᠰᠢᠨ ᠭᠡᠵᠤ ᠭᠠᠷ ᠤᠳᠠᠰᠤᠨ ᠳᠡᠬᠡᠷ᠎ᠡ ᠨᠢ ᠢᠯᠡᠷᠡᠭᠰᠡᠨ ᠪᠦᠭᠡᠳ ᠳᠠᠭᠠᠤ ᠳ᠋ᠤᠨᠢ ᠳᠠᠨᠢᠯᠴᠠᠭᠤᠯᠤᠭᠰᠠᠨ ᠪᠤᠰᠤᠳ ᠠᠭᠤᠯᠭ᠎ᠠ ᠴᠤ ᠭᠠᠷᠴᠤ ᠢᠷᠡᠵᠡᠢ᠃

ᠰᠢᠯᠢᠨ ᠭᠣᠣᠯ ᠠᠶᠢᠮᠠᠭ ᠤᠨ ᠵᠡᠭᠦᠨ ᠦᠵᠦᠮᠦᠴᠢᠨ ᠬᠤᠰᠢᠭᠤᠨ ᠤ ᠤᠯᠢᠶᠠᠰᠤᠲᠠᠢ ᠪᠠᠯᠭᠠᠰᠤ ᠶᠢᠨ ᠮᠠᠯᠴᠢᠨ ᠴᠢᠯᠠᠭᠤᠨᠪᠠᠭᠠᠲᠤᠷ ᠬᠣᠨᠢᠨ ᠬᠠᠰᠢᠶᠠᠨ ᠤ ᠪᠡᠨ ᠡᠮᠦᠨ᠎ᠡ ᠵᠤᠭᠰᠤᠭᠠᠳ ᠰᠣᠷᠪᠤᠵᠢᠯᠠᠭᠴᠢ ᠳᠤ᠄《ᠦᠵᠡᠭᠡᠴᠢ᠂ ᠡᠳᠡᠭᠡᠷ ᠴᠢᠬᠢᠨ ᠲᠡᠮᠳᠡᠭ ᠲᠠᠢ ᠬᠣᠨᠢ ᠪᠣᠯ ᠴᠦᠮ 〈ᠪᠡᠶ᠎ᠡ ᠶᠢᠨ ᠦᠨᠡᠮᠯᠡᠯ〉ᠲᠠᠢ ᠬᠣᠨᠢ ᠰᠢᠤ》ᠭᠡᠳ᠂ ᠮᠠᠯᠴᠢᠳ ᠬᠤᠳᠠᠯᠳᠤᠨ ᠠᠪᠬᠤ ᠠᠵᠤ ᠠᠬᠣᠶᠢᠯᠠᠯ ᠲᠠᠢ ᠭᠡᠷ᠎ᠡ ᠲᠣᠭᠲᠠᠭᠰᠠᠨ ᠤ ᠳᠠᠷᠠᠭ᠎ᠠ ᠬᠤᠳᠠᠯᠳᠤᠭᠰᠠᠨ ᠬᠤᠷᠠᠭ᠎ᠠ ᠪᠡᠨ ᠢᠯᠭᠠᠵᠤ ᠰᠠᠯᠭᠠᠳᠠᠭ᠃ ᠳᠡᠳᠡᠬᠡᠷ ᠬᠤᠷᠠᠭ᠎ᠠ ᠤᠳ ᠢ ᠬᠤᠷᠠᠭᠠᠯᠠᠮᠠᠭᠴᠠ ᠴᠢᠬᠢᠨ ᠳᠤ ᠨᠢ ᠲᠡᠮᠳᠡᠭ ᠵᠡᠭᠦᠯᠭᠡᠴᠢᠬᠡᠭ᠍ᠰᠡᠨ ᠪᠠᠶᠢᠳᠠᠭ ᠶᠤᠮ ᠭᠡᠵᠡᠢ᠃ ᠥᠪᠦᠷ ᠮᠣᠩᠭᠣᠯ ᠤᠨ ᠰᠢᠯᠢ ᠶᠢᠨ ᠭᠣᠣᠯ ᠮᠢᠬᠠᠨ ᠢᠳᠡᠭᠡᠨ ᠤ ᠬᠢᠵᠠᠭᠠᠷᠲᠤ ᠺᠣᠮᠫᠠᠨᠢ ᠶᠢᠨ ᠥᠢᠯᠡᠳᠪᠦᠷᠢᠯᠡᠯ ᠤᠨ ᠬᠡᠯᠳᠡᠰ ᠤᠨ ᠳᠠᠭᠠᠭᠠᠮᠠᠯ ᠯᠢᠤ ᠴᠢᠩ ᠱᠠᠨ᠄《ᠤᠶᠤᠨᠯᠢᠭ ᠴᠢᠬᠢᠨ ᠲᠡᠮᠳᠡᠭ ᠵᠡᠬᠦᠯᠬᠡᠬᠦ ᠨᠢ ᠬᠡᠷᠡᠭᠯᠡᠭᠴᠢᠳ ᠤᠨ ᠬᠣᠭᠤᠯᠠᠨ ᠰᠢᠷᠡᠭᠡᠨ ᠳ᠋ᠤ ᠭᠠᠷᠴᠤ ᠪᠠᠶᠢᠭ᠎ᠠ ᠬᠣᠨᠢ ᠪᠦᠷᠢ ᠳᠤ ᠳᠠᠩᠰᠠ ᠡᠪᠬᠡᠮᠡᠯ ᠪᠠᠶᠢᠭᠤᠯᠵᠤ ᠪᠠᠶᠢᠭ᠎ᠠ ᠶᠠᠪᠤᠳᠠᠯ ᠶᠤᠮ᠃ ᠬᠡᠷᠡᠭᠯᠡᠭᠴᠢᠳ ᠢᠳᠡᠬᠦ ᠡᠴᠡ ᠪᠡᠨ ᠡᠮᠦᠨ᠎ᠡ ᠬᠣᠶᠠᠷ ᠬᠡᠮᠵᠢᠯᠲᠦ ᠺᠣᠳ᠋ ᠶᠢ ᠰᠢᠷᠪᠢᠬᠡᠳ ᠲᠤᠰ ᠬᠣᠨᠢᠨ ᠤ ᠨᠠᠰᠤ᠂ ᠪᠡᠶ᠎ᠡ ᠶᠢᠨ ᠬᠦᠨᠳᠤ᠂ ᠪᠡᠯᠴᠢᠬᠡᠷ ᠤᠰᠤ᠂ ᠬᠢᠵᠢᠭ᠌ ᠪᠠᠶᠢᠴᠠᠭᠠᠭᠰᠠᠨ ᠪᠠᠶᠢᠳᠠᠯ᠂ ᠨᠢᠲᠤᠯᠠᠭᠰᠠᠨ ᠴᠠᠭ᠂ ᠠᠴᠢᠶ᠎ᠠ ᠳᠡᠬᠡᠬᠡᠪᠦᠷᠢ ᠵᠡᠷᠭᠡ ᠪᠦᠬᠦ ᠶᠠᠪᠤᠴᠠ ᠶᠢ ᠳᠤᠳᠤᠷᠬᠠᠢ ᠣᠶᠢᠯᠠᠭᠠᠵᠤ ᠪᠣᠯᠣᠨ᠎ᠠ 》ᠭᠡᠵᠡᠶ᠃

ᠣᠶᠢᠯᠠᠭᠠᠭᠰᠠᠨ ᠢᠶᠡᠷ᠂ ᠪᠠᠶᠢᠭᠠᠯᠢᠯᠢᠬ ᠲᠠᠯ᠎ᠠ ᠨᠤᠳᠤᠭ ᠡᠴᠡ ᠢᠷᠡᠯᠲᠡ ᠲᠠᠢ ᠥᠪᠦᠷ ᠮᠣᠩᠭᠣᠯ ᠤᠨ ᠰᠢᠯᠢ ᠶᠢᠨ ᠭᠣᠣᠯ  ᠤᠨ ᠦᠬᠡᠷ ᠬᠤᠨᠢᠨ ᠮᠢᠬ᠎ᠠ ᠨᠢ ᠦᠷᠭᠡᠨ ᠣᠯᠠᠨ ᠬᠡᠷᠡᠭᠯᠡᠭᠴᠢᠳ ᠤᠨ ᠲᠠᠭᠠᠰᠢᠶᠠᠯ ᠢ ᠬᠦᠷᠲᠡᠭᠰᠡᠨ ᠢᠶᠡᠷ ᠳᠤᠰ ᠨᠤᠳᠤᠭ ᠨᠢ ᠤᠯᠤᠰ ᠤᠨ ᠬᠦᠳᠡᠬᠡ ᠠᠵᠤ ᠠᠬᠤᠢ ᠶᠢᠨ ᠪᠦᠳᠦᠬᠡᠭ᠍ᠳᠡᠬᠦᠨ ᠤ ᠭᠠᠵᠠᠷ ᠵᠦᠢ ᠶᠢᠨ ᠪᠡᠯᠭᠡᠳᠡᠯ ᠪᠤᠯᠵᠠᠢ᠃ ᠭᠡᠪᠡᠴᠤ᠂ ᠨᠢᠭᠡ ᠪᠦᠯᠦᠭ ᠬᠠᠤᠯᠢ ᠪᠤᠰᠤ ᠫᠠᠨᠼᠠᠴᠢᠨ ᠠᠰᠢᠭ ᠬᠣᠨᠵᠢᠪᠤᠷᠢ  ᠳᠤ ᠳᠤᠷᠠᠯᠠᠨ᠂ ᠬᠤᠳᠠᠯ ᠬᠠᠭᠤᠷᠮᠠᠭ ᠰᠢᠯᠢ ᠶᠢᠨ ᠭᠣᠣᠯ  ᠤᠨ ᠦᠬᠡᠷ ᠬᠤᠨᠢᠨ ᠮᠢᠬ᠎ᠠ ᠥᠢᠯᠡᠳᠴᠤ ᠪᠣᠷᠤᠯᠠᠭᠤᠯᠤᠨ ᠪᠷᠸᠨ᠋ᠳ᠋ ᠤᠨ ᠠᠯᠳᠠᠷ ᠨᠡᠷ᠎ᠡ ᠶᠢ ᠶᠠᠭᠡ ᠪᠡᠢ ᠨᠥᠯᠦᠭᠡᠯᠡᠭᠡᠳ᠂ ᠬᠦᠨᠠᠰᠤᠨ ᠤ ᠠᠶᠤᠯᠬᠦᠢ ᠶᠢᠨ ᠪᠠᠶᠢᠳᠠᠯ ᠳᠤ ᠳᠠᠯᠳᠠ ᠪᠡᠷ ᠨᠦᠯᠦᠬᠡᠯᠡᠵᠡᠢ᠃ 《ᠡᠶᠢᠮᠦ ᠪᠠᠶᠢᠳᠠᠯ ᠳᠤ〈ᠪᠡᠶ᠎ᠡ ᠶᠢᠨ ᠭᠠᠷᠤᠯ ᠢᠶᠡᠨ ᠭᠡᠷᠡᠴᠢᠯᠡᠬᠦ 〉ᠨᠢ ᠮᠠᠰᠢ ᠴᠢᠬᠤᠯᠠ ᠶᠤᠮ》ᠬᠡᠵᠤ ᠥᠪᠦᠷ ᠮᠣᠩᠭᠣᠯ ᠤᠨ ᠰᠢᠯᠢ ᠶᠢᠨ ᠭᠣᠣᠯ ᠠᠶᠢᠮᠠᠭ ᠤᠨ ᠠᠵᠤ ᠠᠬᠤᠢ ᠪᠣᠯᠤᠨ ᠰᠤᠷᠠᠭ ᠵᠠᠩᠬᠢᠵᠢᠯᠳᠠ ᠶᠢᠨ ᠵᠦᠪᠯᠡᠯ ᠤᠨ ᠳᠡᠳ᠋ ᠡᠷᠬᠢᠯᠡᠭᠴᠢ᠂ ᠰᠢᠯᠢ ᠶᠢᠨ ᠭᠣᠣᠯ ᠠᠶᠢᠮᠠᠭ ᠤᠨ ᠬᠣᠨᠢᠨ ᠮᠢᠬᠠᠨ ᠤ ᠨᠡᠶᠢᠭᠡᠮᠯᠢᠭ᠌ ᠤᠨ ᠳᠠᠷᠤᠭ᠎ᠠ ᠬᠠᠰᠬᠠᠶᠢᠷᠬᠠᠨ ᠬᠡᠯᠡᠬᠡᠳ ᠪᠠᠰᠠ᠂ ᠰᠢᠯᠢ ᠶᠢᠨ ᠭᠣᠣᠯ ᠤᠨ ᠬᠣᠨᠢᠨ ᠮᠢᠬ᠎ᠠ ᠨᠢ ᠳᠡᠵᠢᠬᠡᠨ ᠦᠷᠡᠵᠢᠬᠦᠯᠬᠦ᠂ ᠪᠤᠯᠪᠠᠰᠤᠷᠠᠭᠤᠯᠬᠤ᠂ ᠠᠴᠢᠶ᠎ᠠ ᠳᠡᠬᠡᠬᠡᠪᠦᠷᠢ᠂ ᠪᠣᠷᠤᠯᠠᠭᠤᠯᠤᠯᠭ᠎ᠠ᠂ ᠬᠡᠷᠡᠭᠯᠡᠬᠡ ᠵᠡᠷᠬᠡ ᠲᠠᠪᠤᠨ ᠠᠯᠬᠤᠮ ᠳᠤ ᠪᠦᠬᠦ ᠶᠠᠪᠤᠴᠠ ᠢᠶᠡᠷ ᠮᠦᠷᠳᠡᠬᠦ ᠶᠢ ᠪᠡᠶᠡᠯᠡᠭᠦᠯᠵᠡᠢ ᠬᠡᠪᠡ᠃

ᠥᠪᠦᠷ ᠮᠣᠩᠭᠣᠯ  ᠤᠨ ᠥᠪᠡᠷᠳᠠᠭᠡᠨ ᠵᠠᠰᠠᠬᠤ ᠤᠷᠤᠨ ᠤ ᠲᠠᠷᠢᠶᠠᠯᠠᠩ ᠮᠠᠯ ᠠᠵᠤ ᠠᠬᠤᠢ ᠶᠢᠨ ᠲᠢᠩᠬᠢᠮ ᠤᠨ ᠨᠢᠭᠡ ᠬᠣᠪᠢ ᠲᠣᠭ᠎ᠠ ᠪᠦᠷᠢᠳᠬᠡᠯ ᠳᠤ ᠦᠵᠡᠬᠦᠯᠦᠭᠰᠡᠨ ᠢᠶᠡᠷ᠂ ᠥᠪᠡᠷᠳᠠᠭᠡᠨ ᠵᠠᠰᠠᠬᠤ ᠤᠷᠤᠨ ᠤ ᠬᠣᠨᠢᠨ ᠮᠢᠬᠠᠨ ᠤ ᠥᠢᠯᠡᠳᠪᠦᠷᠢᠯᠡᠯ ᠤᠨ ᠬᠡᠮᠵᠢᠶ᠎ᠡ ᠵᠢᠯ ᠳᠤ 80 ᠲᠦᠮᠡᠨ ᠲᠤᠨ ᠡᠴᠡ ᠳᠡᠭᠡᠭ᠍ᠰᠢ᠂ ᠪᠤᠰᠤᠭ᠎ᠠ ᠬᠤᠨᠢ 8000 ᠲᠦᠮᠡ ᠡᠴᠡ ᠳᠡᠬᠡᠭ᠍ᠰᠢ ᠪᠠᠶᠢᠨ᠎ᠠ᠃ ᠦᠩᠬᠡᠷᠡᠭᠰᠡᠨ ᠳᠤ᠂ ᠥᠪᠦᠷ ᠮᠣᠩᠭᠣᠯ ᠨᠢ ᠬᠡᠳᠤᠶᠢᠪᠡᠷ ᠤᠯᠤᠰ  ᠤᠨ ᠲᠣᠳᠤᠭᠠᠳᠤᠬᠢ ᠴᠢᠨᠠᠷ ᠰᠠᠶᠢᠳᠠᠢ ᠬᠣᠨᠢᠨ ᠮᠢᠬ᠎ᠠ ᠥᠢᠯᠡᠳᠪᠤᠷᠢᠯᠡᠬᠦ ᠶᠠᠭᠡ ᠤᠷᠤᠨ ᠭᠡᠵᠤ ᠠᠯᠳᠠᠷᠰᠢᠭᠰᠠᠨ ᠪᠣᠯᠪᠠᠴᠤ᠂ ᠮᠢᠬᠠᠨ  ᠬᠤᠨᠢᠨ ᠤ ᠠᠵᠤ ᠦᠢᠯᠡᠰ ᠲᠤ ᠬᠦᠮᠦᠨ ᠪᠦᠬᠦᠨ ᠤ ᠮᠡᠳᠡᠳᠡᠭ ᠪᠷᠸᠨ᠋ᠳ᠋ ᠪᠦᠳᠦᠬᠡᠭ᠍ᠳᠡᠬᠦᠨ ᠲᠤᠲᠠᠭᠳᠠᠭᠰᠠᠭᠠᠷ ᠢᠷᠡᠵᠡᠢ᠃

ᠤᠳᠤ ᠪᠤᠯᠬᠤ ᠳᠤ᠂ ᠦᠪᠦᠷ ᠮᠤᠩᠭ᠋ᠤᠯ ᠤᠨ 12 ᠠᠶᠢᠮᠠᠭ ᠬᠣᠲᠠ ᠶᠢᠨ ᠣᠯᠠᠩᠬᠢ ᠮᠢᠬᠠᠨ ᠤ ᠦᠢᠯᠡᠰ ᠤᠨ ᠠᠵᠤ ᠠᠬᠤᠶᠢᠯᠠᠯ ᠦᠬᠡᠷ ᠬᠤᠨᠢᠨ ᠮᠢᠬᠠᠨ ᠤ ᠠᠵᠤ ᠦᠢᠯᠡᠰ ᠪᠦᠳᠦᠬᠡᠭ᠍ᠳᠡᠬᠦᠨ ᠳ᠋ᠡᠭᠡᠨ《ᠪᠡᠶ᠎ᠡ ᠶᠢᠨ ᠦᠨᠡᠮᠯᠡᠯ》ᠬᠠᠳᠠᠬᠤ ᠶᠢᠨ ᠬᠠᠮᠲᠦ ᠠᠵᠤ ᠦᠢᠯᠡᠰ ᠤᠨ ᠬᠡᠪᠴᠢᠶᠡᠵᠢᠯᠳᠡ ᠶᠢ ᠠᠬᠢᠭᠤᠯᠵᠤ ᠪᠠᠶᠢᠨ᠎ᠠ᠃ ᠢᠩᠬᠢᠭ᠍ᠰᠡᠨ ᠢᠶᠡᠷ ᠲᠣᠮᠤ ᠬᠣᠲᠠ ᠨᠤᠭᠤᠳ ᠤᠨ ᠶᠡᠬᠡ ᠬᠡᠮᠵᠢᠶᠡᠨ ᠤ ᠵᠠᠬᠢᠶᠠᠯᠭ᠎ᠠ ᠶᠢᠨ ᠬᠠᠭᠤᠳᠠᠰᠤ ᠮᠧᠩ ᠶᠠᠩ᠂ ᠪᠢᠴᠢᠬᠠᠨ ᠰᠡᠬᠦᠯᠳᠦ ᠬᠤᠨᠢ᠂ ᠰᠢᠯᠢ ᠶᠢᠨ ᠭᠤᠤᠯ  ᠮᠢᠬᠠᠨ ᠤ ᠦᠢᠯᠡᠰ ᠵᠡᠷᠭᠡ ᠨᠡᠯᠢᠶᠡᠳ ᠲᠣᠮᠤ ᠦᠬᠡᠷ ᠬᠤᠨᠢᠨ ᠮᠢᠬᠠᠨ ᠤ ᠠᠵᠤ ᠦᠢᠯᠡᠰ ᠤᠨ ᠨᠢᠬᠡᠴᠡ ᠤᠷᠤᠭᠤ ᠨᠦᠷᠢᠨ ᠢᠷᠡᠵᠡᠢ᠃

ᠢᠷᠡᠯᠳᠡ᠄ ᠰᠢᠨᠬᠤᠸᠠ ᠨᠧᠲ

内蒙古牛羊肉有了“身份证” 推动产业走向规模化

每一块牛羊肉都有自己的二维码“身份证”,通过层层追溯,可查到牛羊出生、饲养、病疫、屠宰、加工、物流、销售等各个环节的信息,确保全产业链的无缝监管——内蒙古实施的牛羊肉全产业链追溯体系,以信息技术实现牛羊肉“来源可追溯、去向可查证、责任可追究”,保证消费者吃到优质正宗的草原牛羊肉。

  呼和浩特市一家牛羊肉专卖店的工作人员告诉记者,如果哪块肉出了质量问题,消费者可以利用二维码“身份证”信息,追溯到这块肉从出生牧场到加工企业、再到运输公司等环节的责任方。

  记者拿起一块羊肉扫描二维码后发现,手机显示养殖者为宝力根苏木哈那乌拉嘎查牧民赵立新,而其他生产内容也有相应介绍。

  “你看,这些戴耳标的就是有‘身份证’的羊。”站在羊圈前,锡林郭勒盟东乌珠穆沁旗乌里雅斯太镇牧民朝伦巴特尔告诉记者,牧民与收购企业签订合同后,就会把相应的羊羔单独分出来,羔羊从刚生下来就佩戴耳标。

  “安装智能耳标是为每一只走上消费者餐桌的羊建立档案。消费者就餐前,可以先扫描二维码,对这只羊的月龄、体重、生长牧场、检疫情况、屠宰时间、物流流程都可以有清晰的了解。”内蒙古锡林郭勒肉食品有限责任公司生产经理刘青山说。

  据了解,来自绿色大草原的内蒙古锡林郭勒牛羊肉得到了许多消费者的青睐,被认定为国家农畜产品地理标志。但是,一些不法商贩在利益的驱动下,生产、加工、销售假冒伪劣的锡林郭勒牛羊肉,严重影响了品牌声誉,也给食品安全带来了隐患。“在这种情况下,‘身份证明’显得尤为重要。”内蒙古锡林郭勒盟经济和信息化委员会副主任、锡林郭勒盟羊肉协会会长哈斯海日汗说,锡盟羊肉已实现了养殖、加工、物流、销售、消费五个环节的全程追溯。

  内蒙古自治区农牧业厅的一份数据显示,自治区羊肉年产量在80万吨以上,羊存栏8000万只以上。以前,内蒙古虽然堪称国内优质羊肉的生产大省,但其肉羊产业一直缺少家喻户晓的品牌。

  如今,内蒙古12个盟市的多家牛羊肉生产企业都为产品建立了“身份证”,并推动产业走向规模化。来自一线城市的大量订单,涌向蒙羊、小尾羊、锡林郭勒肉业等规模较大的牛羊肉生产企业。(李玉波)

 
 
Posted in ᠤᠷᠤᠨ ᠨᠤᠲᠤᠭ |农牧信息 and tagged .